ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠦᠨᠳ᠋ᠦᠰᠦᠲᠡᠨ ᠦ ᠠᠵᠢ᠍ᠯ ᠢ ᠴᠢ᠍ᠩᠭ᠋ᠠᠳᠬᠠᠬᠤ ᠪᠠ ᠰᠠᠢ᠌ᠵᠢ᠍ᠷᠠᠭᠤᠯᠬᠤ ᠲᠤᠬᠠᠢ ᠲᠤᠰᠬᠠᠢ ᠰᠡᠳ᠋ᠦᠪᠲᠦ ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠬᠤᠷᠠᠯᠳ᠋ᠤᠭᠤᠯᠪᠠ
ᠤᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠦᠨᠳ᠋ᠦᠰᠦᠲᠡᠨ ᠦ ᠠᠵᠢ᠍ᠯ ᠢ ᠴᠢ᠍ᠩᠭ᠋ᠠᠳᠬᠠᠬᠤ ᠪᠠ ᠰᠠᠢ᠌ᠵᠢ᠍ᠷᠠᠭᠤᠯᠬᠤ ᠲᠤᠬᠠᠢ ᠲᠤᠰᠬᠠᠢ ᠰᠡᠳ᠋ᠦᠪᠲᠦ ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠬᠤᠷᠠᠯᠳ᠋ᠤᠭᠤᠯᠪᠠ᠃ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ ᠡᠦ ᠴᠢ᠍ᠩ ᠬᠠᠢ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠬᠡᠰᠢ᠍ᠭᠦᠨ᠂ ᠳᠡᠳ᠋ ᠡᠷᠬᠢᠯᠡᠭ᠍ᠴᠢ ᠡᠦ ᠰᠢ᠍ᠶᠤᠤ᠂ ᠦᠷᠡᠪᠠᠲᠤ᠂ ᠰᠦ᠋ᠩ ᠯᠢ᠍ᠶᠠᠨ ᠡᠾᠦᠢ᠍ᠢ ᠵᠢᠴᠢ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠭᠡᠰᠢ᠍ᠬᠦᠨ᠂ ᠨᠠᠷᠢ᠍ᠨ ᠪᠢᠴᠢ᠍ᠭ᠌ ᠦᠨ ᠳᠠᠷᠤᠭ᠎ᠠ ᠯᠢ ᠴᠸᠩ ᠭᠥᠸᠧ᠂ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠬᠡᠰᠢ᠍ᠬᠦᠨ ᠪᠤᠶᠠᠨᠮᠦ᠋ᠩᠭᠡ ᠬᠤᠷᠠᠯ ᠳ᠋ᠦ ᠤᠷᠤᠯᠴᠠᠨ᠂ ᠪᠠᠢ᠌ᠩᠭ᠋ᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠪᠦ᠋ ᠮᠤᠤ ᠰᠢ᠍ᠶᠠᠩ ᠬᠤᠷᠠᠯ ᠳ᠋ᠦ ᠰᠤᠯᠡ ᠤᠷᠤᠯᠴᠠᠪᠠ᠃ ᠬᠤᠰᠢ᠍ᠭᠤᠨ ᠤ ᠨᠠᠮ ᠤᠨ ᠬᠤᠷᠢ᠍ᠶᠠᠨ ᠤ ᠵᠤᠬᠢᠶᠠᠨ ᠪᠠᠢ᠌ᠭᠤᠯᠬᠤ ᠬᠡᠯᠲᠡᠰ᠂ ᠬᠤᠰᠢ᠍ᠭᠤᠨ ᠤ ᠰᠠᠬᠢᠯᠭ᠎ᠠ ᠪᠠᠳ᠋ᠦ ᠪᠠᠢ᠌ᠴᠠᠭᠠᠬᠤ ᠬᠤᠷᠢ᠍ᠶᠠᠨ ᠤ ᠬᠢᠨᠠᠨ ᠪᠠᠢ᠌ᠴᠠᠭᠠᠬᠤ ᠵᠦ᠋ᠪᠯᠡᠯ ᠦᠨ ᠬᠠᠮᠢ᠍ᠶ᠎ᠠ ᠪᠦᠬᠦᠢ ᠬᠠᠷᠢ᠍ᠭᠤᠴᠠᠯᠭᠠᠳ᠋ᠠᠨ ᠬᠤᠷᠠᠯ ᠳ᠋ᠦ ᠰᠠᠭᠠᠳ᠋ᠠᠨ ᠵᠢᠯᠤᠭᠤᠳᠪᠠ᠃ ᠬᠤᠷᠠᠯ ᠢ ᠡᠦ ᠴᠢ᠍ᠩ ᠬᠠᠢ ᠡᠷᠬᠢᠯᠡᠪᠡ᠃


ᠬᠤᠷᠠᠯ ᠡᠴᠨ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠬᠤᠷᠠᠯ ᠡᠴᠨ ᠡᠮᠦᠨᠡᠬᠢ ᠰᠠᠨᠠᠯ ᠬᠤᠷᠢ᠍ᠶᠠᠭᠰᠠᠨ ᠪᠠᠢ᠌ᠳ᠋ᠠᠯ ᠢ ᠮᠡᠳ᠋ᠡᠭ᠍ᠳ᠋ᠡᠪᠡ᠃ ᠬᠤᠷᠠᠯ ᠳᠡᠭᠡᠷ᠎ᠠ᠂ ᠡᠦ ᠴᠢ᠍ᠩ ᠬᠠᠢ ᠱᠦ᠋ᠵᠢ ᠡᠴᠨ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠢ ᠲᠦ᠋ᠯᠦᠭᠡᠯᠡᠨ ᠬᠠᠷᠢ᠍ᠴᠠᠭᠤᠯᠤᠨ ᠪᠠᠢ᠌ᠴᠠᠭᠠᠯᠲᠠ ᠬᠢᠵᠦ᠂ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠬᠡᠰᠢ᠍ᠭᠦᠳ ᠡᠴᠨ ᠪᠠᠢ᠌ᠴᠠᠭᠠᠨ ᠵᠠᠳ᠋ᠠᠯᠵᠦ᠂ ᠰᠢ᠍ᠭᠦᠮᠵᠢ᠍ᠯᠡᠯ ᠪᠠ ᠦᠪᠡᠷ ᠦᠨ ᠰᠢ᠍ᠭᠦᠮᠵᠢ᠍ᠯᠡᠯ ᠦᠷᠨᠢᠭᠦᠯᠪᠡ᠃


ᠡᠦ ᠴᠢ᠍ᠩ ᠬᠠᠢ ᠴᠢ᠍ᠩᠭ᠋ᠠᠳᠬᠠᠭᠰᠠᠨ ᠨᠢ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠪᠠ ᠬᠡᠰᠢ᠍ᠭᠦᠳ ᠡᠷᠬᠡᠪᠰᠢ ᠤᠯᠤᠰ ᠲᠦ᠋ᠷᠦ ᠶᠢᠨ ᠬᠠᠷᠢ᠍ᠭᠤᠴᠠᠯᠭ᠎ᠠ ᠪᠠᠨ ᠴᠢ᠍ᠩᠭ᠋ᠠᠳᠬᠠᠨ᠂ ᠰᠢ ᠵᠢᠨ ᠫᠢᠩ ᠶᠡᠷᠦᠩᠭᠡᠢ ᠱᠦ᠋ᠵᠢ ᠶᠢᠨ ᠦᠨᠳ᠋ᠦᠰᠦᠲᠡᠨ ᠦ ᠠᠵᠢ᠍ᠯ ᠤᠨ ᠲᠤᠬᠠᠢ ᠴᠢ᠍ᠬᠤᠯᠨ ᠦᠬᠦᠯᠡᠯ ᠪᠤᠯᠤᠨ ᠤᠯᠤᠰ ᠤᠨ ᠨᠠᠢ᠌ᠳ᠋ᠡᠮ ᠬᠡᠷᠡᠭᠯᠡᠬᠦ ᠦᠭᠡ ᠬᠡᠯᠡ ᠦᠰᠦᠭ᠌ ᠪᠢᠴᠢ᠍ᠭ᠌ ᠦᠨ ᠠᠵᠢ᠍ᠯ ᠤᠨ ᠴᠢ᠍ᠬᠤᠯᠨ ᠵᠢᠭᠠᠪᠤᠷᠢ ᠶᠢᠨ ᠵᠤᠷᠢ᠍ᠭ ᠰᠠᠨᠠᠭ᠎ᠠ ᠶᠢ ᠭᠦᠨᠵᠡᠭᠡᠢ ᠰᠤᠷᠤᠯᠴᠠᠵᠤ᠂ 《ᠳᠦ᠋ᠷᠪᠡᠨ ᠤᠬᠠᠮᠰᠠᠷ》᠊ᠢ ᠪᠠᠳ᠋ᠦ ᠪᠤᠰᠬᠠᠨ᠂ 《ᠳᠦ᠋ᠷᠪᠡᠨ ᠢᠳ᠋ᠡᠭᠡᠯ》 ᠵᠢᠠᠨ ᠪᠠᠳ᠋ᠤᠳᠬᠠᠵᠦ᠂ 《ᠬᠤᠶᠠᠷ ᠢ ᠬᠦᠷᠢ᠍ᠶᠡᠯᠡᠬᠦ》 ᠵᠢ ᠪᠡᠶᠡᠯᠡᠬᠦᠯᠦᠨ᠂ ᠦᠵᠡᠯ ᠰᠠᠨᠠᠭ᠎ᠠ ᠤᠯᠤᠰ ᠲᠦ᠋ᠷᠦ ᠦᠢ᠍ᠯᠡ ᠠᠵᠢ᠍ᠯᠯᠠᠭ᠎ᠠ ᠳᠡᠭᠡᠷ᠎ᠠ ᠪᠠᠨ ᠰᠢ ᠵᠢᠨ ᠫᠢᠩ ᠶᠡᠷᠦᠩᠭᠡᠢ ᠨᠦ᠋ᠬᠦᠷ ᠶᠢᠡᠷ ᠲᠦ᠋ᠪ ᠪᠤᠯᠭᠠᠭᠰᠠᠨ ᠨᠠᠮ ᠤᠨ ᠲᠦ᠋ᠪ ᠬᠤᠷᠢ᠍ᠶ᠎ᠠ ᠲᠡᠶ ᠳᠡᠭᠡᠲᠦ ᠬᠡᠮᠵᠢ᠍ᠶ᠎ᠠ ᠪᠡᠷ ᠨᠢ᠍ᠭᠡᠳᠴᠦ᠂ ᠨᠠᠮ ᠤᠨ ᠲᠦ᠋ᠷᠦ ᠶᠢᠨ ᠪᠤᠳ᠋ᠤᠯᠭ᠎ᠠ ᠶᠢ ᠲᠤᠯᠤᠭᠠᠢ᠌ᠯᠠᠨ ᠬᠦᠷᠢ᠍ᠶᠡᠯᠡᠵᠦ᠂ ᠮᠠᠨ ᠤ ᠬᠤᠰᠢ᠍ᠭᠤᠨ ᠤ ᠡᠯ᠎ᠠ ᠦᠨᠳ᠋ᠦᠰᠦᠲᠡᠨ ᠰᠠᠬᠢᠨ ᠪᠠᠷᠠᠯᠠᠵᠤ ᠬᠠᠷᠢ᠍ᠯᠴᠠᠨ ᠬᠠᠪᠰᠤᠷᠤᠯᠴᠠᠭᠰᠠᠨ᠂ ᠪᠦᠯᠬᠦᠮᠳ᠋ᠡᠨ ᠲᠡᠮᠡᠴᠡᠭ᠍ᠰᠡᠨ ᠰᠠᠢ᠌ᠨ ᠰᠠᠢ᠌ᠬᠠᠨ ᠪᠠᠢ᠌ᠳ᠋ᠠᠯ ᠢ ᠬᠠᠮᠠᠭᠠᠯᠠᠬᠤ ᠬᠡᠷᠡᠭ᠍ᠲᠡᠢ ᠭᠡᠵᠡᠢ᠃ (ᠳᠠᠯᠠᠢ)