ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ ᠡᠦ ᠴᠢ᠍ᠩ ᠬᠠᠢ ᠪᠠᠶᠠᠷᠲᠤᠬᠤᠰᠢ᠍ᠭᠤ ᠪᠠᠯᠭᠠᠰᠤᠨ ᠤ ᠨᠠᠮ ᠤᠨ ᠬᠤᠷᠢ᠍ᠶᠠᠨ ᠤ ᠦᠨᠳ᠋ᠦᠰᠦᠲᠡᠨ ᠦ ᠠᠵᠢ᠍ᠯ ᠢ ᠴᠢ᠍ᠩᠭ᠋ᠠᠳᠬᠠᠬᠤ ᠪᠠ ᠰᠠᠢ᠌ᠵᠢ᠍ᠷᠠᠭᠤᠯᠬᠤ ᠲᠤᠰᠬᠠᠢ ᠰᠡᠳ᠋ᠦᠪᠲᠦ ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠳ᠋ᠦ ᠤᠷᠤᠯᠴᠠᠵᠦ ᠵᠢᠭᠠᠨ ᠵᠢᠯᠤᠭᠤᠳᠪᠠ

ᠬᠤᠰᠢ᠍ᠭᠤᠨ ᠤ ᠨᠠᠮ ᠤᠨ ᠬᠤᠷᠢ᠍ᠶᠠᠨ ᠤ ᠨᠢ᠍ᠭᠡᠳ᠋ᠦᠯᠲᠡᠢ ᠪᠠᠢ᠌ᠷᠢ᠍ᠯᠠᠭᠤᠯᠤᠯᠲᠠ ᠶᠤᠰᠤᠭᠠᠷ᠂ ᠤᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ ᠡᠦ ᠴᠢ᠍ᠩ ᠬᠠᠢ ᠪᠠᠶᠠᠷᠲᠤᠬᠤᠰᠢ᠍ᠭᠤ ᠪᠠᠯᠭᠠᠰᠤᠨ ᠤ ᠨᠠᠮ ᠤᠨ ᠬᠤᠷᠢ᠍ᠶᠠᠨ ᠤ ᠦᠨᠳ᠋ᠦᠰᠦᠲᠡᠨ ᠦ ᠠᠵᠢ᠍ᠯ ᠢ ᠴᠢ᠍ᠩᠭ᠋ᠠᠳᠬᠠᠬᠤ ᠪᠠ ᠰᠠᠢ᠌ᠵᠢ᠍ᠷᠠᠭᠤᠯᠬᠤ ᠲᠤᠰᠬᠠᠢ ᠰᠡᠳ᠋ᠦᠪᠲᠦ ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠳ᠋ᠦ ᠤᠷᠤᠯᠴᠠᠵᠦ ᠵᠢᠭᠠᠨ ᠵᠢᠯᠤᠭᠤᠳᠪᠠ᠃

ᠬᠤᠷᠠᠯ ᠡᠴᠨ ᠡᠮᠦᠨ᠎ᠠ᠂ ᠡᠦ ᠴᠢ᠍ᠩ ᠬᠠᠢ ᠱᠦ᠋ᠵᠢ ᠪᠠᠶᠠᠷᠲᠤᠬᠤᠰᠢ᠍ᠭᠤ ᠪᠠᠯᠭᠠᠰᠤᠨ ᠤ ᠨᠠᠮ ᠤᠨ ᠬᠤᠷᠢ᠍ᠶᠠᠨ ᠤ ᠤᠳ᠋ᠤᠷᠢ᠍ᠳᠬᠤ ᠪᠠᠭ ᠪᠤᠯᠤᠨ ᠬᠡᠰᠢ᠍ᠭᠦᠳ ᠦᠨ ᠬᠠᠷᠢ᠍ᠴᠠᠭᠤᠯᠤᠨ ᠪᠠᠢ᠌ᠴᠠᠭᠠᠭᠰᠠᠨ ᠮᠠᠲ᠋ᠸᠷᠢ᠍ᠶᠠᠯ ᠢ ᠤᠯᠠᠨ ᠤᠳ᠋ᠠᠭ᠎ᠠ ᠤᠩᠰᠢ᠍ᠨ ᠬᠢᠨᠠᠵᠤ᠂ ᠵᠠᠰᠠᠨ ᠲᠡᠭᠦᠯᠳ᠋ᠡᠷᠵᠢ᠍ᠭᠦᠯᠬᠦ ᠪᠤᠳ᠋ᠠᠳ᠋ᠠᠢ ᠰᠠᠨᠠᠯ ᠲᠤᠷᠠᠳᠬᠤ ᠶᠢᠨ ᠬᠠᠮᠳ᠋ᠤ ᠲᠤᠰ ᠤᠳ᠋ᠠᠭᠠᠨ ᠤ ᠲᠤᠰᠬᠠᠢ ᠰᠡᠳ᠋ᠦᠪᠲᠦ ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠢ ᠰᠠᠢ᠌ᠳ᠋ᠤᠷ ᠬᠢᠬᠦ ᠲᠤᠬᠠᠢ ᠲᠤᠳ᠋ᠤᠷᠬᠠᠢ ᠱᠠᠭᠠᠷᠳ᠋ᠠᠯᠭ᠎ᠠ ᠲᠤᠷᠠᠳ᠋ᠤᠭᠰᠠᠨ ᠪᠠᠢ᠌ᠨ᠎ᠠ᠃

ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠳᠡᠭᠡᠷ᠎ᠠ᠂ ᠪᠠᠶᠠᠷᠲᠤᠬᠤᠰᠢ᠍ᠭᠤ ᠪᠠᠯᠭᠠᠰᠤᠨ ᠤ ᠨᠠᠮ ᠤᠨ ᠬᠤᠷᠢ᠍ᠶᠠᠨ ᠤ ᠭᠤᠤᠯ ᠬᠠᠷᠢ᠍ᠭᠤᠴᠠᠯᠭᠠᠳ᠋ᠠᠨ ᠡᠴᠨ ᠤᠳ᠋ᠤᠷᠢ᠍ᠳᠬᠤ ᠪᠠᠭ ᠢ ᠲᠦ᠋ᠯᠦᠭᠡᠯᠡᠨ ᠬᠠᠷᠢ᠍ᠴᠠᠭᠤᠯᠤᠨ ᠪᠠᠢ᠌ᠴᠠᠭᠠᠯᠲᠠ ᠬᠢᠵᠦ᠂ ᠨᠠᠮ ᠤᠨ ᠬᠤᠷᠢ᠍ᠶᠠᠨ ᠤ ᠤᠳ᠋ᠤᠷᠢ᠍ᠳᠬᠤ ᠪᠠᠭ ᠤᠨ ᠬᠡᠰᠢ᠍ᠭᠦᠳ ᠡᠴᠨ ᠬᠤᠪᠢ ᠬᠦᠮᠦᠨ ᠦ ᠬᠠᠷᠢ᠍ᠴᠠᠭᠤᠯᠤᠨ ᠪᠠᠢ᠌ᠴᠠᠭᠠᠯᠲᠠ ᠬᠢᠬᠦ ᠶᠢᠨ ᠬᠠᠮᠳ᠋ᠤ ᠰᠢ᠍ᠭᠦᠮᠵᠢ᠍ᠯᠡᠯ ᠪᠠ ᠦᠪᠡᠷ ᠦᠨ ᠰᠢ᠍ᠭᠦᠮᠵᠢ᠍ᠯᠡᠯ ᠦᠷᠨᠢᠭᠦᠯᠪᠡ᠃


ᠡᠦ ᠴᠢ᠍ᠩ ᠬᠠᠢ ᠱᠦ᠋ᠵᠢ ᠡᠴᠨ ᠤᠯᠠᠨ ᠤ ᠶᠠᠷᠢ᠍ᠶ᠎ᠠ ᠶᠢ ᠨᠠᠷᠢ᠍ᠨ ᠬᠢᠨᠠᠮᠠᠭᠠᠢ ᠰᠤᠨᠤᠰᠦᠨ᠂ ᠰᠢ᠍ᠭᠦᠮᠵᠢ᠍ᠯᠡᠯ ᠪᠠ ᠦᠪᠡᠷ ᠦᠨ ᠰᠢ᠍ᠭᠦᠮᠵᠢ᠍ᠯᠡᠯ ᠦᠷᠨᠢᠭᠦᠯᠬᠦ ᠦᠶ᠎ᠠ ᠳ᠋ᠦ᠂ ᠪᠠᠢ᠌ᠨ ᠪᠠᠢ᠌ᠨ ᠦᠭᠡ ᠬᠠᠪᠴᠢ᠍ᠭᠤᠯᠵᠤ ᠬᠡᠰᠡᠭ᠌ ᠨᠦ᠋ᠭᠦᠳ ᠦᠨ ᠰᠢ᠍ᠭᠦᠮᠵᠢ᠍ᠯᠡᠯ ᠪᠤᠳ᠋ᠠᠳ᠋ᠤ ᠬᠡᠷᠡᠭ᠌ ᠶᠠᠪᠤᠳ᠋ᠠᠯ ᠪᠡᠷ ᠲᠤᠳ᠋ᠠᠮᠠᠭ᠂ ᠬᠠᠨᠳ᠋ᠤᠯᠭᠠᠲᠤ ᠴᠢ᠍ᠨᠠᠷ ᠪᠠ ᠰᠢ᠍ᠭᠤᠳ ᠰᠢ᠍ᠯᠤᠭᠤᠨ ᠴᠢ᠍ᠨᠠᠷ ᠶᠢᠡᠷ ᠬᠦᠷᠦᠯᠴᠡᠬᠦ ᠦᠭᠡᠶ᠂ ᠢᠴᠢ᠍ᠵᠦ ᠵᠤᠪᠠᠨ ᠭᠤᠤᠯ ᠰᠡᠳ᠋ᠦᠪ ᠡᠴᠨ ᠵᠠᠢ᠌ᠯᠠᠬᠤ ᠵᠡᠷᠭᠡ ᠶᠢ ᠲᠠᠷᠤᠢ ᠳ᠋ᠦ ᠨᠢ ᠵᠢᠭᠠᠵᠤ ᠭᠠᠷᠭᠠᠨ ᠵᠠᠯᠠᠷᠠᠭᠤᠯᠪᠠ᠃
ᠬᠤᠷᠠᠯ ᠤᠨ ᠬᠠᠮᠢ᠍ᠶ᠎ᠠ ᠪᠦᠬᠦᠢ ᠠᠯᠬᠤᠮ ᠶᠠᠪᠤᠴᠠ ᠳᠠᠭᠤᠰᠤᠭᠰᠠᠨ ᠤ ᠳᠠᠷᠠᠭ᠎ᠠ᠂ ᠡᠦ ᠴᠢ᠍ᠩ ᠬᠠᠢ ᠱᠦ᠋ᠵᠢ ᠡᠴᠨ ᠲᠤᠰᠬᠠᠢ ᠰᠡᠳ᠋ᠦᠪᠲᠦ ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠤᠨ ᠤᠯᠤᠭᠰᠠᠨ ᠠᠩᠬ᠎ᠠ ᠠᠯᠬᠤᠮ ᠤᠨ ᠬᠢᠷᠢ ᠪᠦᠲᠦᠮᠵᠢ ᠶᠢ ᠦᠨᠡᠯᠡᠬᠦ ᠶᠢᠨ ᠬᠠᠮᠳ᠋ᠤ ᠬᠤᠷᠠᠯ ᠤᠨ ᠲᠤᠮᠳ᠋ᠡ ᠤᠷᠤᠰᠢ᠍ᠵᠤ ᠪᠠᠢ᠌ᠭ᠎ᠠ ᠠᠰᠠᠭᠤᠳ᠋ᠠᠯ ᠢ ᠲᠤᠳ᠋ᠤᠷᠬᠠᠢ ᠵᠢᠭᠠᠨ ᠭᠠᠷᠭᠠᠪᠠ᠃

ᠡᠦ ᠴᠢ᠍ᠩ ᠬᠠᠢ ᠱᠦ᠋ᠵᠢ ᠱᠠᠭᠠᠷᠳ᠋ᠠᠭᠰᠠᠨ ᠨᠢ᠂ ᠲᠤᠰ ᠤᠳ᠋ᠠᠭᠠᠨ ᠤ ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠤᠨ ᠳᠠᠷᠠᠭ᠎ᠠ᠂ ᠪᠠᠶᠠᠷᠲᠤᠬᠤᠰᠢ᠍ᠭᠤ ᠪᠠᠯᠭᠠᠰᠤᠨ ᠤ ᠨᠠᠮ ᠤᠨ ᠬᠤᠷᠢ᠍ᠶ᠎ᠠ ᠡᠷᠬᠡᠪᠰᠢ ᠬᠤᠷᠠᠯ ᠢ ᠨᠠᠷᠢ᠍ᠨ ᠬᠢᠨᠠᠮᠠᠭᠠᠢ ᠳ᠋ᠦ᠋ᠩᠨᠡᠵᠦ᠂ ᠪᠠᠢ᠌ᠴᠠᠭᠠᠵᠤ ᠭᠠᠷᠭᠠᠭᠰᠠᠨ ᠠᠰᠠᠭᠤᠳ᠋ᠠᠯ ᠲᠡᠶ ᠪᠠᠨ ᠤᠶᠠᠯᠳ᠋ᠤᠭᠤᠯᠤᠨ᠂ ᠤᠯᠠᠮ ᠨᠢ᠍ᠭᠡ ᠠᠯᠬᠤᠮ ᠳᠠᠬᠢᠨ ᠰᠤᠷᠤᠯᠴᠠᠯᠭ᠎ᠠ᠂ ᠳᠠᠬᠢᠨ ᠵᠠᠰᠠᠨ ᠴᠡᠭ᠍ᠴᠡᠯᠡᠯᠲᠡ ᠶᠠᠪᠤᠭᠳ᠋ᠠᠭᠤᠯᠵᠤ᠂ ᠤᠳ᠋ᠤᠷᠢ᠍ᠳᠬᠤ ᠪᠠᠭ ᠪᠠ ᠭᠡᠰᠢ᠍ᠭᠦᠳ ᠦᠨ ᠬᠠᠷᠢ᠍ᠴᠠᠭᠤᠯᠤᠨ ᠪᠠᠢ᠌ᠴᠠᠭᠠᠭᠰᠠᠨ ᠮᠠᠲ᠋ᠸᠷᠢ᠍ᠶᠠᠯ ᠢ ᠵᠠᠰᠠᠵᠦ ᠲᠡᠭᠦᠯᠳ᠋ᠡᠷᠵᠢ᠍ᠭᠦᠯᠦᠨ᠂ ᠦᠵᠡᠯ ᠰᠠᠨᠠᠭ᠎ᠠ ᠲᠠᠨᠢᠯᠲᠠ ᠪᠠᠨ ᠦᠨᠡᠨᠬᠦ ᠳᠡᠭᠡᠭ᠍ᠰᠢ᠍ᠯᠡᠭᠦᠯᠵᠦ᠂ ᠠᠰᠠᠭᠤᠳ᠋ᠠᠯ ᠵᠦ᠋ᠷᠢ᠍ᠶᠠ ᠪᠠᠨ ᠭᠦᠢ᠍ᠴᠡᠳ ᠪᠠᠢ᠌ᠴᠠᠭᠠᠨ᠂ ᠰᠢ᠍ᠯᠳ᠋ᠠᠭᠠᠨ ᠤ ᠵᠠᠩᠬᠢᠯᠠᠭ᠎ᠠ ᠶᠢ ᠨᠡᠪᠲᠡᠷᠬᠡᠢ ᠵᠠᠳ᠋ᠠᠯᠵᠤ᠂ ᠤᠳ᠋ᠤᠷᠢ᠍ᠳᠬᠤ ᠪᠠᠭ ᠤᠨ ᠠᠰᠠᠭᠤᠳ᠋ᠠᠯ ᠢ ᠢᠯᠡᠷᠡᠭᠦᠯᠬᠦ ᠪᠠ ᠰᠢ᠌ᠳᠪᠦᠷᠢ᠍ᠯᠡᠬᠦ ᠴᠢ᠍ᠳ᠋ᠠᠪᠬᠢ ᠶᠢ ᠲᠠᠰᠤᠷᠠᠯᠳ᠋ᠠ ᠦᠭᠡᠶ ᠴᠢ᠍ᠩᠭ᠋ᠠᠳᠬᠠᠬᠤ ᠬᠡᠷᠡᠭ᠍ᠲᠡᠢ ᠭᠡᠵᠡᠢ᠃ (ᠳᠠᠯᠠᠢ)