ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠭᠤᠯᠭ᠎ᠠ《ᠴᠠᠰᠤ ᠴᠡᠪᠡᠷᠯᠡᠬᠦ》ᠠᠵᠢᠯᠯᠠᠭ᠎ᠠ ᠦᠷᠨᠢᠬᠦᠯᠪᠡ

1ᠰᠠᠷ᠎ᠠ ᠶᠢᠨ 14᠋ ᠤ ᠡᠳᠤᠷ᠂ ᠮᠠᠨ ᠤ ᠬᠤᠰᠢᠭᠤᠨ ᠳᠤ 2021 ᠤᠨ ᠤ ᠠᠩᠬᠠᠨ ᠤ ᠴᠠᠰᠤ ᠤᠷᠤᠪᠠ᠃ ᠴᠠᠰᠤ ᠤᠷᠤᠭᠰᠨᠨ ᠨᠢ ᠭᠠᠳᠠᠭᠰᠢ ᠶᠠᠪᠤᠵᠤ ᠰᠠᠭᠤᠬᠤ ᠬᠦᠮᠤᠨ ᠳᠤ ᠲᠦᠬᠦᠮ ᠦᠭᠡᠢ ᠡᠴᠨ15᠋ ᠤ ᠡᠳᠤᠷ ᠤᠨ ᠦᠳᠠ ᠶᠢᠨ ᠡᠮᠤᠨ᠎ᠡ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠪᠠᠢᠭᠤᠯᠭ᠎ᠠ ᠶᠢᠨ ᠨᠠᠮ ᠤᠨ ᠡᠬᠦᠷ ᠨᠠᠮ ᠤᠨ ᠭᠡᠰᠢᠬᠦᠨ ᠺᠠᠳ᠋ᠷ ᠠᠵᠢᠯᠳᠠᠨ ᠢ ᠵᠤᠬᠢᠶᠠᠨ ᠪᠠᠢᠭᠤᠯᠵᠤ《ᠴᠠᠰᠤ ᠴᠡᠪᠡᠷᠯᠡᠬᠦ》ᠠᠵᠢᠯᠯᠠᠭ᠎ᠠ ᠦᠷᠨᠢᠬᠦᠯᠪᠡ᠃

ᠭᠡᠳᠤᠢᠪᠡᠷ ᠬᠠᠬᠢᠷ ᠬᠦᠢᠳᠡᠨ ᠢ ᠰᠦᠷᠴᠤ ᠪᠠᠢᠪᠠᠴᠤ ᠤᠯᠨᠨ ᠤ ᠡᠷᠴᠢ ᠵᠤᠷᠢᠭ ᠲᠠᠬᠦᠯᠳᠡᠷ ᠪᠠᠢᠵᠤ᠂ ᠬᠤᠷᠠᠭᠰᠨᠨ ᠴᠠᠰᠤ ᠶᠢ ᠠᠷᠢᠯᠭᠠᠬᠤ ᠰᠢᠷᠭᠠᠭᠤ ᠬᠦᠳᠡᠯᠮᠤᠷᠢ ᠪᠡᠷ ᠲᠠᠮᠵᠢᠨ᠂ ᠬᠠᠨ ᠱᠠᠨ ᠵᠡᠭᠡᠯᠢ ᠶᠢᠨ ᠪᠸᠢ ᠳ᠋ᠸᠤ ᠲᠤᠮᠤ ᠪᠠᠭᠤᠳᠠᠯ ᠡᠴᠨ ᠸᠸᠨ ᠰᠢᠨ ᠬᠤᠶᠠᠳᠤᠭᠠᠷ ᠬᠤᠭᠤᠴᠠᠭᠠᠨ ᠤ ᠨᠡᠢᠭᠡᠮ ᠲᠤᠭᠤᠷᠢᠭ ᠬᠦᠷᠳᠡᠯᠡᠬᠢ ᠡᠬᠦᠷᠭᠡ ᠬᠤᠪᠢᠶᠠᠷᠢᠯᠠᠭᠰᠨᠨ ᠭᠡᠰᠡᠭ ᠤᠨ ᠭᠤᠤᠯ ᠵᠠᠮ ᠤᠨ ᠮᠦᠰᠤ ᠴᠠᠰᠤ ᠶᠢ ᠦᠨᠳᠤᠰᠤᠨ ᠳ᠋ᠡᠭᠡᠨ ᠴᠡᠪᠡᠷᠯᠡᠵᠤ ᠲᠠᠭᠤᠰᠭᠠᠭᠠᠳ᠂ ᠵᠠᠮ ᠤᠨ ᠰᠠᠭᠠᠳ ᠦᠭᠡᠢ ᠨᠡᠪᠳᠡᠷᠡᠬᠦ ᠶᠢ ᠪᠠᠳᠤᠯᠠᠵᠤ᠂ ᠲᠠᠷᠭᠡ ᠬᠦᠰᠭᠡ᠂ ᠬᠦᠮᠤᠨ ᠬᠠᠷ᠎ᠠ ᠶᠢᠨ ᠬᠠᠯᠳᠤᠷᠢᠬᠤ ᠡᠴᠨ ᠰᠡᠷᠭᠡᠢᠯᠡᠨ᠂ᠤᠯᠨᠨ ᠲᠦᠮᠨᠨ ᠳᠤ ᠠᠮᠤᠷ ᠲᠦᠪᠰᠢᠨ ᠵᠠᠮ ᠬᠠᠷᠢᠯᠴᠠᠭᠠᠨ ᠤ ᠤᠷᠴᠢᠨ ᠲᠤᠭᠤᠷᠢᠨ ᠢ ᠪᠤᠢ ᠪᠤᠯᠭᠠᠵᠤ ᠦᠭᠬᠦᠭᠰᠨᠨ ᠪᠠᠢᠨ᠎ᠡ᠃
(ᠳ᠋ᠠᠢ ᠰᠢᠶᠦ᠋ᠩ)