ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠤᠳᠤᠷᠢᠳᠤᠯᠭ᠎ᠠ ᠠᠵᠢᠯ ᠡᠴᠨ ᠪᠠᠨ ᠠᠮᠠᠷᠠᠭᠰᠨᠨ ᠠᠬᠠᠮᠠᠳ ᠺᠠᠳ᠋ᠷᠴᠤᠤᠨ ᠢ ᠪᠤᠯᠭᠤᠭᠠᠨ ᠲᠤᠬᠤᠨᠢᠭᠤᠯᠪᠠ

1 ᠰᠠᠷ᠎ᠠ ᠶᠢᠨ26᠋ ᠤ ᠡᠳᠤᠷ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠨᠠᠮ ᠤᠨ ᠤᠳᠤᠷᠢᠳᠬᠤ ᠲᠤᠭᠤᠢᠯᠠᠩ ᠤᠨ ᠱᠦᠵᠢ ᠡᠤ ᠴᠢᠩ ᠬᠠᠢ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠲᠠᠳ᠋ ᠡᠷᠬᠢᠯᠡᠭᠴᠢ ᠦᠷᠡᠪᠠᠳᠤ᠂ ᠰᠦᠩ ᠯᠢᠶᠠᠨ ᠡᠾᠦ᠋ᠢ᠂ ᠨᠠᠷᠢᠨ ᠪᠢᠴᠢᠭ᠌ ᠤᠨ ᠲᠠᠷᠤᠭ᠎ᠠ ᠯᠢ ᠴᠸᠩ ᠬᠦᠸᠸ ᠡᠴᠨ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠠᠵᠢᠯ ᠡᠴᠨ ᠪᠠᠨ ᠠᠮᠠᠷᠠᠭᠰᠨᠨ ᠠᠬᠠᠮᠠᠳ ᠺᠠᠳ᠋ᠷᠴᠤᠤᠨ ᠢ ᠪᠤᠯᠭᠤᠬᠠᠨ ᠲᠤᠬᠤᠨᠢᠭᠤᠯᠵᠤ᠂ ᠲᠠᠳᠠᠨᠠᠷ ᠲᠤ ᠪᠠᠶᠠᠷ ᠤᠨ ᠡᠳᠤᠷ ᠤᠨ ᠮᠡᠨᠳᠤᠴᠢᠯᠡᠯ ᠪᠠ ᠰᠠᠢᠨ ᠰᠠᠢᠬᠠᠨ ᠵᠦᠩᠨᠡᠯ ᠲᠠᠪᠰᠢᠬᠦᠯᠪᠡ᠃

ᠡᠤ ᠴᠢᠩ ᠬᠠᠢ ᠨᠠᠷ ᠤᠷᠢᠳ ᠬᠤᠵᠢᠳ ᠰᠠᠢᠨᠪᠠᠶᠠᠷ᠂ ᠵᠠᠩ ᠢᠤᠢ ᠸᠸᠨ᠂ ᠵᠢᠶᠠᠩ ᠹᠸᠩ ᠬᠠᠢ᠂ ᠡᠾᠸᠤ ᠳ᠋ᠢᠶᠠᠨ ᠪᠢᠨ᠂ ᠫᠠᠨ ᠶᠢᠨ᠂ ᠪᠦᠭᠡᠪᠠᠶᠠᠷ᠂ ᠦᠯᠵᠡᠢᠮᠡᠨᠳᠤ᠂ ᠯᠢ ᠵᠢᠶᠸ ᠵᠡᠷᠭᠡ ᠠᠵᠢᠯ ᠡᠴᠨ ᠪᠠᠨ ᠠᠮᠠᠷᠠᠭᠰᠨᠨ ᠠᠬᠠᠮᠠᠳ ᠺᠠᠳ᠋ᠷᠴᠤᠤᠨ ᠤᠨ ᠭᠡᠷ ᠲᠤ ᠬᠦᠷᠴᠤ᠂ ᠲᠠᠳᠠᠨ ᠲᠠᠢ ᠬᠦᠭᠵᠢᠯᠳᠠ ᠶᠢᠨ ᠲᠤᠬᠠᠢ ᠶᠠᠷᠢᠯᠴᠠᠵᠤ᠂ ᠲᠠᠳᠠᠨᠠᠷ ᠤᠨ ᠪᠠᠶ᠎ᠠ ᠮᠠᠬᠠᠪᠤᠤᠨ ᠤᠨ ᠡᠷᠡᠬᠦᠯ ᠮᠡᠨᠳᠤ ᠪᠠ ᠠᠮᠢᠳᠤᠷᠠᠯ ᠤᠨ ᠪᠠᠢᠳᠠᠯ ᠢ ᠨᠠᠷᠢᠯᠢᠭ ᠤᠢᠯᠠᠭᠠᠨ᠂ ᠲᠠᠳᠠᠨ ᠤ ᠪᠦᠬᠦ ᠬᠤᠰᠢᠭᠤᠨ ᠤ ᠠᠵᠤ ᠠᠬᠤᠢ ᠨᠡᠢᠭᠡᠮ ᠤᠨ ᠬᠦᠭᠵᠢᠯᠳᠠ ᠪᠠ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠡᠯ᠎ᠠ ᠲᠦᠷᠤᠯ ᠤᠨ ᠠᠵᠢᠯ ᠳᠤ ᠭᠠᠷᠭᠠᠭᠰᠨᠨ ᠴᠢᠷᠮᠠᠢᠯᠭ᠎ᠠ ᠪᠠ ᠭᠠᠪᠢᠶ᠎ᠠ ᠵᠢᠳᠬᠦᠯ ᠳᠤ ᠲᠠᠯᠠᠷᠬᠠᠵᠤ ᠪᠠᠢᠬᠤ ᠪᠠᠨ ᠢᠯᠡᠳᠭᠡᠪᠡ᠃

ᠡᠤ ᠴᠢᠩ ᠬᠠᠢ ᠡᠴᠨ᠂ ᠠᠬᠠᠮᠠᠳ ᠺᠠᠳ᠋ᠷᠴᠤᠤᠨ ᠢ ᠤᠯᠤᠰ ᠲᠦᠷᠤ᠂ ᠤᠶᠤᠨ ᠰᠠᠨᠠᠭᠠᠨ ᠤ ᠲᠠᠯ᠎ᠠ ᠪᠡᠷ ᠢᠯᠡᠬᠦᠭᠡᠨ ᠬᠠᠯᠠᠮᠵᠢᠯᠠᠵᠤ᠂ ᠠᠮᠢᠳᠤᠷᠠᠯ ᠤᠨ ᠲᠠᠯ᠎ᠠ ᠪᠡᠷ ᠢᠯᠡᠬᠦᠭᠡᠨ ᠬᠠᠷᠠᠭᠠᠯᠵᠠᠬᠤ ᠪᠤᠯ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠵᠠᠢᠯᠠᠰᠢ ᠦᠭᠡᠢ ᠬᠠᠷᠢᠭᠤᠴᠠᠯᠭ᠎ᠠ ᠮᠦᠨ᠂ ᠠᠬᠠᠮᠠᠳ ᠺᠠᠳ᠋ᠷᠴᠤᠤᠨ ᠬᠤᠪᠢ ᠪᠠᠶ᠎ᠠ ᠶᠢᠨ ᠤᠯᠤᠰ ᠲᠦᠷᠤ᠂ ᠦᠩᠭᠡᠷᠡᠯᠳᠠ᠂ ᠲᠤᠷᠰᠢᠯᠭ᠎ᠠ ᠵᠡᠷᠭᠡ ᠲᠠᠯ᠎ᠠ ᠶᠢᠨ ᠲᠠᠪᠠᠭᠤᠯᠢᠭ ᠶᠢᠠᠨ ᠪᠠᠳᠠᠷᠠᠭᠤᠯᠵᠤ᠂ ᠪᠦᠬᠦ ᠬᠤᠰᠢᠭᠤᠨ ᠤ ᠡᠯ᠎ᠠ ᠲᠦᠷᠤᠯ ᠤᠨ ᠠᠵᠢᠯ ᠢ ᠦᠷᠬᠦᠯᠵᠢᠯᠡᠨ ᠬᠠᠯᠠᠮᠵᠢᠯᠠᠠ ᠲᠠᠮᠵᠢᠵᠤ᠂ ᠢᠳᠡᠪᠬᠢᠳᠠᠢ ᠠᠷᠭ᠎ᠠ ᠪᠤᠳᠤᠯᠭ᠎ᠠ ᠭᠠᠷᠭᠠᠬᠤ ᠶᠢ ᠬᠦᠰᠡᠵᠤ ᠪᠠᠢᠨ᠎ᠡ ᠭᠡᠵᠡᠢ᠃

ᠠᠬᠠᠮᠠᠳ ᠺᠠᠳ᠋ᠷᠴᠤᠤᠨ ᠡᠴᠨ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠬᠠᠯᠠᠮᠵᠢᠯᠠᠯ ᠬᠠᠷᠠᠭᠠᠯᠵᠠᠯ ᠳᠤ ᠲᠠᠯᠠᠷᠬᠠᠵᠤ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠵᠢᠴᠢ ᠪᠤᠰᠤᠤᠨ ᠲᠦᠷᠤᠯ ᠤᠨ ᠠᠵᠢᠯ ᠢ ᠦᠩᠭᠡᠷᠡᠭᠰᠨᠨ ᠤ ᠠᠳᠠᠯᠢ ᠪᠡᠷ ᠬᠠᠯᠠᠮᠵᠢᠯᠠᠨ ᠲᠠᠮᠵᠢᠵᠤ᠂ ᠦᠵᠡᠰᠬᠦᠯᠡᠩᠳᠤ ᠰᠠᠢᠬᠠᠨ ᠪᠠᠶᠠᠨ ᠴᠢᠨᠡᠭᠡᠯᠢᠭ᠌ ᠵᠠᠷᠤᠤᠨ ᠢ ᠪᠦᠳᠤᠭᠡᠨ ᠪᠠᠢᠭᠤᠯᠬᠤ ᠳᠤ ᠪᠦᠬᠦ ᠬᠦᠴᠤᠨ ᠶᠢᠠᠷ ᠴᠢᠷᠮᠠᠢᠨᠡ ᠭᠡᠵᠤ ᠢᠯᠡᠷᠭᠡᠢᠯᠡᠵᠡᠭᠡᠪᠡ᠃(ᠳ᠋ᠠᠢ ᠰᠢᠶᠦ᠋ᠩ)