ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢᠭᠤᠨ ᠤ ᠤᠳᠤᠷᠢᠳᠤᠯᠭ᠎ᠠ ᠠᠵᠢᠯ ᠡᠴᠨ᠁
ᠬᠤᠰᠢᠭᠤᠨ ᠤ ᠤᠳᠤᠷᠢᠳᠤᠯᠭ᠎ᠠ ᠠᠵᠢᠯ ᠡᠴᠨ ᠠᠮᠠᠷᠠᠭᠰᠨᠨ ᠠᠬᠠᠮᠠᠳ ᠺᠠᠳ᠋ᠷᠴᠤᠤᠨ ᠢ ᠪᠤᠯᠭᠤᠭᠠᠨ ᠲᠤᠬᠤᠨᠢᠭᠤᠯᠪᠠ

        1 ᠰᠠᠷ᠎ᠠ ᠶᠢᠨ29᠋ ᠤ ᠡᠳᠤᠷ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠨᠠᠮ ᠤᠨ ᠤᠳᠤᠷᠢᠳᠬᠤ ᠲᠤᠭᠤᠢᠯᠠᠩ ᠤᠨ ᠱᠦᠵᠢ ᠡᠤ ᠴᠢᠩ ᠬᠠᠢ᠂ ᠬᠤᠰᠢᠭᠤᠨ ᠤ ᠨᠠᠮ ᠤᠨ ᠬᠤᠷᠢᠶᠠᠨ ᠤ ᠪᠠᠢᠩᠭᠤ ᠶᠢᠨ ᠭᠡᠰᠢᠬᠦᠨ᠂ ᠲᠠᠳ᠋ ᠬᠤᠰᠢᠭᠤᠨ ᠲᠠᠷᠤᠭ᠎ᠠ ᠮᠡᠷᠭᠡᠨᠪᠠᠳᠤ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠲᠠᠳ᠋ ᠡᠷᠬᠢᠯᠡᠭᠴᠢ ᠰᠦᠩ ᠯᠢᠶᠠᠨ ᠡᠾᠦ᠋ᠢ᠂ ᠬᠤᠰᠢᠭᠤᠨ ᠤ ᠤᠯᠤᠰ ᠲᠦᠷᠤ ᠶᠢᠨ ᠵᠦᠪᠯᠡᠯᠭᠡᠨ ᠤ ᠲᠠᠳ᠋ ᠲᠠᠷᠢᠬᠦᠯᠡᠭᠴᠢ ᠳ᠋ᠠᠢ ᠪᠤᠤ ᠯᠢᠨ ᠮᠠᠨ ᠤ ᠬᠤᠰᠢᠭᠤᠨ ᠤ ᠠᠵᠢᠯ ᠡᠴᠨ ᠪᠠᠨ ᠠᠮᠠᠷᠠᠭᠰᠨᠨ ᠠᠬᠠᠮᠠᠳ ᠺᠠᠳ᠋ᠷᠴᠤᠤᠨ ᠢ ᠪᠤᠯᠭᠤᠭᠠᠨ ᠲᠤᠬᠤᠨᠢᠭᠤᠯᠵᠤ᠂ ᠲᠠᠳᠠᠨ ᠳᠤ ᠲᠤᠳᠤᠨᠤ ᠬᠠᠯᠠᠮᠵᠢᠯᠠᠯ ᠪᠠ ᠪᠠᠶᠠᠷ ᠤᠨ ᠡᠳᠤᠷ ᠤᠨ ᠵᠦᠩᠨᠡᠯ ᠲᠠᠪᠰᠢᠬᠦᠯᠪᠡ᠃

        
             ᠡᠤ ᠴᠢᠩ ᠬᠠᠢ ᠨᠠᠷ ᠠᠵᠢᠯ ᠡᠴᠨ ᠪᠠᠨ ᠠᠮᠠᠷᠠᠭᠰᠨᠨ ᠠᠬᠠᠮᠠᠳ ᠺᠠᠳ᠋ᠷ ᠴᠸᠨ ᠱᠸᠤ ᠹᠸᠩ ᠪᠠ ᠪᠤᠯᠤᠤᠨ ᠤᠨ ᠭᠡᠷ ᠲᠤ ᠬᠦᠷᠴᠤ᠂ ᠲᠠᠳᠠᠨᠠᠷ ᠤᠨ ᠪᠠᠶ᠎ᠠ ᠮᠠᠬᠠᠪᠤᠤᠨ ᠤᠨ ᠡᠷᠡᠬᠦᠯ ᠴᠢᠬᠢᠷᠠᠭ ᠪᠠ ᠠᠮᠢᠳᠤᠷᠠᠯ ᠤᠨ ᠪᠠᠢᠳᠠᠯ ᠢ ᠲᠤᠳᠤᠨᠤ ᠪᠠᠷ ᠠᠰᠠᠭᠤᠨ ᠯᠠᠪᠯᠠᠵᠤ᠂ ᠠᠬᠠᠮᠠᠳ ᠺᠠᠳ᠋ᠷᠴᠤᠤᠨ ᠤᠨ ᠮᠠᠨ ᠤ ᠬᠤᠰᠢᠭᠤᠨ ᠤ ᠠᠵᠤ ᠠᠬᠤᠢ ᠨᠡᠢᠭᠡᠮ ᠤᠨ ᠬᠦᠭᠵᠢᠯᠳᠠ ᠶᠢᠨ ᠲᠤᠬᠠᠢ ᠲᠠᠪᠰᠢᠬᠦᠯᠦᠭᠰᠨᠨ ᠰᠠᠨᠠᠯ ᠰᠠᠨᠠᠭᠤᠯᠭ᠎ᠠ ᠶᠢ ᠲᠠᠷᠤᠤ ᠬᠢᠴᠢᠶᠠᠩᠬᠦᠢ ᠪᠡᠷ ᠰᠤᠨᠤᠰᠪᠠ᠃

        
            ᠡᠤ ᠴᠢᠩ ᠬᠠᠢ᠂ ᠠᠬᠠᠮᠠᠳ ᠺᠠᠳ᠋ᠷᠴᠤᠤᠨ ᠮᠠᠨ ᠤ ᠬᠤᠰᠢᠭᠤᠨ ᠤ ᠠᠵᠤ ᠠᠬᠤᠢ ᠨᠡᠢᠭᠡᠮ ᠤᠨ ᠬᠦᠭᠵᠢᠯᠳᠠ ᠳᠤ ᠯᠤᠳᠤ ᠶᠡᠭᠡ ᠬᠤᠪᠢ ᠨᠡᠮᠡᠷᠢ ᠦᠵᠡᠬᠦᠯᠦᠭᠰᠨᠨ ᠮᠦᠷᠳᠡᠭᠡᠨ ᠤᠳᠤ ᠴᠤ ᠭᠡᠰᠡᠨ ᠴᠠᠭ ᠢᠮᠠᠭᠳᠠ ᠮᠠᠨ ᠤ ᠬᠤᠰᠢᠭᠤᠨ ᠤ ᠬᠦᠭᠵᠢᠯᠳᠠ ᠶᠢᠨ ᠶᠡᠭᠡ ᠤᠢᠯᠡᠰ ᠢ ᠠᠩᠬᠠᠷᠴᠤ ᠪᠠᠢᠨ᠎ᠡ᠃ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠡᠴᠨ  ᠲᠠᠨᠠᠷ ᠲᠠᠭᠠᠨ ᠴᠢᠩ ᠰᠡᠳᠬᠢᠯ ᠡᠴᠨ ᠪᠠᠨ ᠲᠠᠯᠠᠷᠬᠠᠬᠤ ᠶᠢᠨ ᠬᠠᠮᠳᠤ᠂ ᠲᠠᠨᠠᠷ ᠤᠨ ᠠᠮᠢᠳᠤᠷᠠᠯ ᠪᠠᠶᠠᠷ ᠬᠦᠷ ᠲᠠᠢ᠂ ᠪᠠᠶ᠎ᠠ ᠮᠠᠬᠠᠪᠤᠤᠨ ᠡᠷᠡᠬᠦᠯ ᠴᠢᠬᠢᠷᠠᠭ᠂ ᠡᠶ᠎ᠠ ᠨᠠᠢᠷᠳᠠᠢ ᠪᠡᠷ ᠴᠠᠭᠠᠨ ᠰᠠᠷ᠎ᠠ ᠪᠠᠨ ᠦᠩᠭᠡᠷᠡᠬᠦᠯᠬᠦ ᠶᠢ ᠬᠦᠰᠡᠵᠤ ᠪᠠᠢᠨ᠎ᠡ ᠭᠡᠵᠡᠢ᠃ ᠡᠤ ᠴᠢᠩ ᠬᠠᠢ ᠨᠠᠷ ᠡᠴᠨ ᠮᠠᠨ ᠤ ᠬᠤᠰᠢᠭᠤ ᠨᠠᠰᠤᠳᠠᠨ ᠶᠢᠠᠨ ᠬᠦᠨᠳᠤᠯᠡᠵᠤ ᠬᠠᠢᠷᠠᠯᠬᠤ ᠢᠷᠠᠭᠤ ᠠᠯᠳᠠᠷᠳᠤ ᠤᠯᠠᠮᠵᠢᠯᠠᠯ ᠶᠢᠠᠨ ᠦᠷᠬᠦᠯᠵᠢᠯᠡᠨ ᠪᠠᠳᠠᠷᠠᠭᠤᠯᠵᠤ᠂ ᠠᠬᠠᠮᠠᠳ ᠺᠠᠳ᠋ᠷ ᠲᠤ ᠢᠯᠡᠬᠦᠭᠡᠨ ᠪᠤᠳᠠᠳᠤ ᠶᠠᠪᠤᠳᠠᠯ ᠰᠠᠢᠨ ᠶᠠᠪᠤᠳᠠᠯ ᠬᠢᠵᠤ᠂ ᠠᠬᠠᠮᠠᠳ ᠺᠠᠳ᠋ᠷ ᠤᠨ ᠦᠳᠡᠯᠤᠭᠡ ᠨᠠᠰᠤᠨ ᠳᠠᠭᠠᠨ ᠠᠰᠠᠷᠠᠮᠵᠢ ᠲᠠᠠᠢ᠂ ᠲᠦᠰᠢᠭ ᠲᠠᠢ᠂ ᠪᠠᠶᠠᠷ ᠪᠠᠶᠠᠰᠤᠯ ᠲᠠᠢ᠂ ᠵᠢᠳᠬᠦᠯ ᠴᠢᠷᠮᠠᠢᠯᠭ᠎ᠠ ᠲᠠᠢ ᠪᠤᠯᠭᠠᠨ᠎ᠡ ᠭᠡᠵᠤ ᠢᠯᠡᠷᠭᠡᠢᠯᠡᠵᠡᠭᠡᠪᠡ᠃(ᠳ᠋ᠠᠢ ᠰᠢᠶᠦ᠋ᠩ)


ᠡᠮᠦᠨᠡᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠤᠳᠤᠷᠢᠳᠤᠯᠭ᠎ᠠ ᠲᠤᠭᠤᠷᠢᠨ ᠦᠵᠡᠵᠤ ᠪᠤᠯᠭᠤᠭᠠᠨ ᠲᠤᠬᠤᠨᠢᠭᠤᠯᠬᠤ ᠠᠵᠢᠯᠯᠠᠭ᠎ᠠ ᠦᠷᠨᠢᠬᠦᠯᠪᠡ
ᠳᠠᠷᠠᠭᠠᠬᠢ᠄ ᠡᠤ ᠴᠢᠩ ᠬᠠᠢ ᠦᠨᠳᠤᠰᠤᠨ ᠱᠠᠳᠤᠨ ᠤ ᠠᠵᠢᠯ ᠢ ᠪᠠᠢᠴᠠᠭᠠᠨ ᠵᠢᠯᠤᠭᠤᠳᠪᠠ