ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢ᠍ᠭᠤᠨ ᠤ ᠠᠷᠠᠳ ᠤᠨ ᠲᠦ᠋ᠯᠤᠭᠡᠯᠡᠭ᠍ᠴᠢ᠍ᠳ ᠤᠨ᠁
ᠬᠤᠰᠢ᠍ᠭᠤᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ 2021 ᠤᠨ ᠤ ᠰᠢ᠍ᠨ᠎ᠠ ᠵᠢᠯ ᠤᠨ ᠪᠠᠶᠠᠷ ᠤᠨ ᠦᠭᠡ

           ᠡᠨᠡᠬᠦ ᠬᠠᠭᠤᠴᠢ᠍ᠨ ᠵᠢᠯ ᠶᠢᠡᠨ ᠦᠳ᠋ᠡᠵᠤ᠂ ᠰᠢ᠍ᠨ᠎ᠠ ᠵᠢᠯ ᠶᠢᠡᠨ ᠤᠭᠳ᠋ᠤᠬᠤ ᠲᠠᠰᠢ᠍ᠷᠠᠮ ᠳᠤ᠂ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠡᠴᠨ ᠤᠷᠲᠤ ᠬᠤᠭᠤᠴᠠᠭᠠᠨ ᠤ ᠲᠤᠷᠰᠢ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠠᠵᠢ᠍ᠯ ᠢ ᠬᠠᠯᠠᠮᠵᠢ᠍ᠯᠠᠵᠤ ᠲᠡᠮᠵᠢ᠍ᠭ᠍ᠰᠡᠭᠡᠷ ᠢᠷᠡᠭ᠍ᠰᠡᠨ ᠪᠦᠬᠦ ᠬᠤᠰᠢ᠍ᠭᠤᠨ ᠤ ᠡᠯ᠎ᠠ ᠦᠨᠳ᠋ᠦᠰᠦᠲᠡᠨ ᠦ ᠤᠯᠠᠨ ᠲᠦ᠋ᠮᠡᠨ᠂ ᠡᠯ᠎ᠠ ᠡᠲᠡᠭᠡᠳ ᠦᠨ ᠨᠠᠢ᠌ᠵᠠ ᠨᠦ᠋ᠬᠦᠳ᠂ ᠡᠯ᠎ᠠ ᠱᠠᠳ᠋ᠤᠨ ᠤ ᠠᠷᠠᠳ ᠤᠨ ᠲᠦ᠋ᠯᠦᠭᠡᠯᠡᠭ᠍ᠴᠢ᠍ᠳ ᠪᠤᠯᠤᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠠᠵᠢ᠍ᠯᠳ᠋ᠠᠳ ᠲᠤ ᠴᠢ᠍ᠩ ᠰᠡᠳᠬᠢᠯ ᠦᠨ ᠮᠡᠨᠳ᠋ᠤᠴᠢ᠍ᠯᠠᠯ ᠪᠤᠯᠤᠨ ᠰᠢ᠍ᠨ᠎ᠠ ᠵᠢᠯ ᠦᠨ ᠵᠦ᠋ᠩᠨᠡᠯ ᠲᠠᠪᠰᠢ᠍ᠬᠦᠯᠵᠤ ᠪᠠᠢ᠌ᠨ᠎ᠠ᠃
             ᠰᠢ᠍ᠨ᠎ᠠ ᠴᠠᠭ ᠦᠶ᠎ᠠ ᠶᠢᠨ ᠳᠠᠷᠪᠠᠭᠤᠯ ᠭᠡᠢ᠌ᠰᠭᠡᠵᠤ᠂ ᠰᠢ᠍ᠨ᠎ᠠ ᠠᠶᠠᠨ ᠳ᠋ᠦ ᠡᠷᠡᠯᠬᠡᠭᠯᠡᠨ ᠤᠷᠤᠭᠰᠢ᠍ᠯᠠᠮᠤᠢ᠃ ᠰᠠᠶ‍ᠢ᠍ᠬᠠᠨ ᠦᠩᠭᠡᠷᠡᠭ᠍ᠰᠨᠨ 2020 ᠤᠨ ᠪᠤᠯ ᠨᠢ᠍ᠭᠡᠨ ᠡᠷᠡᠮᠡᠭᠡᠢ᠌ᠯᠡᠨ ᠤᠷᠤᠭᠰᠢ᠍ᠯᠠᠭᠰᠠᠨ ᠨᠢ᠍ᠭᠡ ᠵᠢᠯ ᠪᠦᠭᠡᠳ ᠶᠡᠷᠤ ᠪᠤᠰᠤ ᠶᠢᠨ ᠨᠢ᠍ᠭᠡ ᠵᠢᠯ ᠪᠤᠯᠤᠨ᠎ᠠ᠃ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠬᠡᠵᠢ᠍ᠶᠡᠳ᠋ᠡ ᠨᠠᠮ ᠤᠨ ᠤᠳ᠋ᠤᠷᠢ᠍ᠳ᠋ᠤᠯᠭ᠎ᠠ ᠶᠢ ᠪᠠᠷᠢ᠍ᠮᠲᠠᠯᠠᠬᠤ ᠶᠢ ᠠᠷᠠᠳ ᠤᠨ ᠲᠦ᠋ᠯᠦᠭᠡᠯᠡᠭ᠍ᠴᠢ᠍ᠳ ᠦᠨ ᠶᠡᠬᠡ ᠬᠤᠷᠠᠯ ᠤᠨ ᠠᠵᠢ᠍ᠯ ᠤᠨ ᠪᠦᠬᠦ ᠶᠡᠪᠤᠴᠨ ᠳ᠋ᠦ ᠲᠤᠭᠤᠰᠢ᠍ᠯᠠᠭᠤᠯᠤᠨ᠂ ᠰᠢ ᠵᠢᠨ ᠫᠢᠩ ᠤᠨ ᠰᠢ᠍ᠨ᠎ᠠ ᠴᠠᠭ ᠦᠶ᠎ᠠ ᠶᠢᠨ ᠲᠤᠮᠳ᠋ᠠᠳ᠋ᠤ ᠤᠯᠤᠰ ᠤᠨ ᠤᠨᠴᠠᠯᠢ᠍ᠭ ᠲᠡᠶ ᠨᠡᠢ᠌ᠭᠡᠮ ᠵᠢᠷᠤᠮ ᠤᠨ ᠦᠵᠡᠯ ᠰᠠᠨᠠᠭ᠎ᠠ ᠪᠡᠷ ᠵᠢᠯᠤᠭᠤᠳ᠋ᠤᠯᠭ᠎ᠠ ᠪᠤᠯᠭᠠᠬᠤ ᠶᠢ ᠪᠠᠷᠢ᠍ᠮᠲᠠᠯᠠᠵᠤ᠂ ᠰᠢ ᠵᠢᠨ ᠫᠢᠩ ᠶᠡᠷᠤᠩᠭᠡᠢ ᠱᠦ᠋ᠵᠢ ᠶᠢᠨ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠲᠦ᠋ᠷᠢ᠍ᠮ ᠢ ᠪᠠᠷᠢ᠍ᠮᠳ᠋ᠠᠯᠠᠬᠤ ᠪᠠ ᠲᠠᠬᠦᠯᠳ᠋ᠡᠷᠵᠢ᠍ᠬᠦᠯᠬᠦ ᠲᠤᠬᠠᠢ ᠴᠢ᠍ᠬᠤᠯᠨ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠵᠤ ᠨᠠᠢ᠌ᠳ᠋ᠠᠪᠦᠷᠢ᠍ᠵᠢ᠍ᠭᠤᠯᠤᠨ᠂ ᠬᠢᠵᠢ᠍ᠭ᠌ ᠦᠨ ᠪᠠᠢ᠌ᠳ᠋ᠠᠯ ᠤᠨ ᠨᠦ᠋ᠯᠦᠭᠡᠯᠡᠯ ᠢ ᠴᠢ᠍ᠷᠮᠠᠢ᠌ᠨ ᠲᠡᠪᠴᠢ᠍ᠵᠦ᠂ ᠢᠳ᠋ᠡᠭᠡᠯ ᠵᠤᠷᠢ᠍ᠭ ᠶᠢᠡᠨ ᠬᠦᠪᠴᠢ᠍ᠯᠡᠨ᠂ ᠬᠠᠳ᠋ᠠᠭᠤ ᠪᠡᠷᠬᠡᠰᠢ᠍ᠶᠡᠯ ᠢ ᠬᠠᠮᠳ᠋ᠤ ᠪᠡᠷ ᠲᠤᠭᠤᠯᠵᠤ᠂ ᠪᠦᠬᠦ ᠬᠤᠰᠢ᠍ᠭᠤᠨ ᠤ ᠬᠢᠵᠢ᠍ᠭ᠌ ᠢ ᠰᠡᠷᠭᠡᠢ᠌ᠯᠡᠨ ᠡᠵᠡᠮᠳ᠋ᠡᠬᠦ᠂ ᠶᠠᠳ᠋ᠠᠭᠤ ᠡᠴᠨ ᠠᠩᠭᠢᠵᠢ᠍ᠷᠠᠭᠤᠯᠬᠤ ᠪᠤᠭᠤᠮᠳ᠋ᠠ ᠰᠢ᠍ᠪᠲᠤᠯᠬᠤ᠂ ᠬᠦᠳ᠋ᠡᠭᠡ ᠲᠤᠰᠬᠤᠨ ᠢ ᠬᠦᠭ᠍ᠵᠢ᠍ᠭᠦᠯᠦᠨ ᠮᠠᠨᠳ᠋ᠤᠭᠤᠯᠬᠤ ᠪᠠᠢ᠌ᠯᠳ᠋ᠤᠬᠤ ᠪᠤᠳ᠋ᠤᠯᠭ᠎ᠠ ᠵᠡᠷᠭᠡ ᠡᠯ᠎ᠠ ᠲᠦ᠋ᠷᠦᠯ ᠦᠨ ᠠᠵᠢ᠍ᠯ ᠲᠤᠮᠳ᠋ᠡ᠂ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠡᠷᠬᠡ ᠲᠤᠰᠢ᠍ᠶᠠᠯ ᠤᠨ ᠦᠢ᠍ᠯᠡᠳ᠋ᠦᠯ ᠵᠢᠠᠨ ᠭᠦᠢ᠍ᠴᠡᠳ ᠪᠠᠳ᠋ᠠᠷᠠᠭᠤᠯᠬᠤ ᠶᠢᠨ ᠬᠠᠮᠳ᠋ᠤ ᠲᠤᠪᠤᠢ᠌ᠮ᠎ᠠ ᠦᠷ᠎ᠠ ᠪᠦᠲᠦᠮᠵᠢ ᠤᠯᠤᠭᠰᠠᠨ ᠪᠠᠢ᠌ᠨ᠎ᠠ᠃ ᠡᠨᠡ ᠨᠢ ᠬᠤᠰᠢ᠍ᠭᠤᠨ ᠤ ᠨᠠᠮ ᠤᠨ ᠬᠤᠷᠢ᠍ᠶᠠᠨ ᠤ ᠰᠢ᠍ᠨᠵᠢ᠍ᠯᠡᠬᠦ ᠤᠬᠠᠭᠠᠨᠴᠢ ᠰᠢ᠌ᠳᠪᠦᠷᠢ᠍ᠳ᠋ᠦ ᠪᠤᠳ᠋ᠤᠯᠭ᠎ᠠ᠂ ᠵᠦ᠋ᠪ ᠤᠨᠤᠪᠴᠢ᠍ᠲᠠᠢ ᠤᠳ᠋ᠤᠷᠢ᠍ᠳ᠋ᠤᠯᠭ᠎ᠠ ᠶᠢᠨ ᠦᠷ᠎ᠠ ᠳ᠋ᠦ᠋ᠩ᠂ ᠪᠦᠬᠦ ᠬᠤᠰᠢ᠍ᠭᠤᠨ ᠤ ᠡᠯ᠎ᠠ ᠦᠨᠳ᠋ᠦᠰᠦᠲᠡᠨ ᠦ ᠤᠯᠠᠨ ᠲᠦ᠋ᠮᠡᠨ ᠦ ᠰᠡᠳᠬᠢᠯ ᠨᠢ᠍ᠭᠡᠳ᠋ᠦᠨ ᠬᠦᠴᠦ ᠪᠠᠨ ᠬᠠᠮᠳ᠋ᠤᠳᠬᠠᠵᠦ᠂ ᠦᠨᠡᠨ ᠢ ᠠᠳᠬᠤᠨ ᠰᠢ᠍ᠷᠭᠠᠭᠤ ᠠᠵᠢ᠍ᠯᠯᠠᠭᠰᠠᠨ ᠤ ᠦᠷ᠎ᠠ ᠳ᠋ᠦ᠋ᠩ ᠮᠦ᠋ᠨ᠂ ᠮᠦ᠋ᠨᠴᠤ ᠡᠯ᠎ᠠ ᠱᠠᠲᠤᠨ ᠤ ᠠᠷᠠᠳ ᠤᠨ ᠲᠦ᠋ᠯᠦᠭᠡᠯᠡᠭ᠍ᠴᠢ᠍ᠳ ᠪᠤᠯᠤᠨ ᠪᠦᠬᠦ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠠᠵᠢ᠍ᠯᠳ᠋ᠠᠳ ᠤᠨ ᠤᠶᠤᠨ ᠤᠬᠠᠭᠠᠨ ᠪᠠ ᠬᠦᠴᠦ ᠬᠦᠳ᠋ᠡᠯᠮᠦᠷᠢ ᠰᠢ᠍ᠩᠭᠡᠵᠦ ᠪᠠᠢ᠌ᠨ᠎ᠠ᠃ ᠡᠨᠳ᠋ᠡ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠡᠴᠨ ᠲᠠ ᠨᠡᠷ ᠤᠨ ᠨᠢ᠍ᠭᠡ ᠵᠢᠯ ᠦᠨ ᠲᠤᠷᠰᠢ᠍ᠬᠢ ᠬᠠᠯᠠᠭᠤᠨ ᠬᠠᠯᠠᠮᠵᠢ᠍ᠯᠠᠯ ᠪᠤᠯᠤᠨ ᠢᠳ᠋ᠡᠪᠬᠢᠳ᠋ᠠᠢ ᠳᠡᠮᠵᠢ᠍ᠯᠭᠡ ᠳ᠋ᠦ ᠴᠢ᠍ᠩ ᠰᠡᠳᠬᠢᠯ ᠦᠨ ᠲᠠᠯᠠᠷᠬᠠᠯᠠᠯ ᠶᠢᠡᠨ ᠲᠡᠪᠰᠢ᠍ᠬᠦᠯᠵᠦ ᠪᠠᠢ᠌ᠨ᠎ᠠ᠃
             ᠰᠢ᠍ᠨ᠎ᠠ ᠴᠠᠭ ᠦᠶ᠎ᠠ ᠬᠦᠮᠦᠰ ᠢ ᠤᠷᠮᠠᠰᠢ᠍ᠭᠤᠯᠤᠨ ᠵᠤᠷᠢ᠍ᠭᠵᠢ᠍ᠭᠤᠯᠵᠤ᠂ ᠰᠢ᠍ᠨ᠎ᠠ ᠡᠭᠦᠷᠭᠡ ᠬᠠᠷᠢ᠍ᠭᠤᠴᠠᠯᠭ᠎ᠠ ᠬᠦᠮᠦᠰ ᠦᠨ ᠰᠡᠳᠬᠢᠯ ᠢ ᠲᠤᠭᠲᠤᠯᠤᠭᠤᠯᠤᠨ᠎ᠠ᠃ 2021 ᠤᠨ ᠪᠤᠯ᠂ ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠪᠠᠢ᠌ᠭᠤᠯᠤᠭᠳ᠋ᠠᠭᠰᠠᠨ100 ᠵᠢᠯ ᠦᠨ ᠤᠢ᠂ ᠮᠦ᠋ᠨᠴᠤ 《ᠠᠷᠪᠠᠨ ᠳᠦ᠋ᠷᠪᠡᠳ᠋ᠦᠭᠡᠷ ᠲᠠᠪᠤᠨ ᠵᠢᠯ》 ᠦᠨ ᠲᠦ᠋ᠯᠦᠪᠵᠢ᠍ᠭᠦᠯᠭᠡ ᠶᠢ ᠬᠡᠷᠡᠭ᠍ᠵᠢ᠍ᠬᠦᠯᠬᠦ ᠡᠬᠢᠯᠡᠯᠲᠡ ᠶᠢᠨ ᠵᠢᠯ ᠪᠤᠯᠤᠨ᠎ᠠ᠃ ᠲᠤᠰ ᠵᠢᠯ ᠦᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠠᠵᠢ᠍ᠯ ᠢ ᠰᠠᠢ᠌ᠲᠤᠷ ᠬᠢᠬᠦ ᠨᠢ ᠲᠦ᠋ᠢ᠍ᠯ ᠦᠨ ᠴᠢ᠍ᠬᠤᠯᠠ ᠶᠤᠮ᠃ ᠰᠢ᠍ᠨ᠎ᠠ ᠨᠢ᠍ᠭᠡᠨ ᠵᠢᠯ ᠳ᠋ᠦ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠰᠢ ᠵᠢᠨ ᠫᠢᠩ ᠤᠨ ᠰᠢ᠍ᠨ᠎ᠠ ᠴᠠᠭ ᠦᠶ᠎ᠠ ᠶᠢᠨ ᠲᠤᠮᠳ᠋ᠠᠳ᠋ᠤ ᠤᠯᠤᠰ ᠤᠨ ᠤᠨᠴᠠᠯᠢ᠍ᠭ ᠲᠡᠶ ᠨᠡᠢ᠌ᠭᠡᠮ ᠵᠢᠷᠤᠮ ᠤᠨ ᠦᠵᠡᠯ ᠰᠠᠨᠠᠭ᠎ᠠ ᠪᠡᠷ ᠵᠢᠯᠤᠭᠤᠳ᠋ᠤᠯᠭ᠎ᠠ ᠪᠤᠯᠭᠠᠨ᠂ ᠨᠠᠮ ᠤᠨ ᠠᠷᠪᠠ ᠶᠢ᠍ᠰᠦᠳ᠋ᠦᠭᠡᠷ ᠶᠡᠬᠡ ᠬᠤᠷᠠᠯ ᠪᠠ ᠠᠷᠪᠠ ᠶᠢ᠍ᠰᠦᠳ᠋ᠦᠭᠡᠷ ᠬᠤᠭᠤᠴᠠᠭᠠᠨ ᠤ ᠬᠤᠶᠠᠳ᠋ᠤᠭᠠᠷ᠂ ᠭᠤᠷᠪᠠᠳ᠋ᠤᠭᠠᠷ᠂ ᠳᠦ᠋ᠷᠪᠡᠳ᠋ᠦᠭᠡᠷ᠂ ᠲᠠᠪᠤᠳ᠋ᠤᠭᠠᠷ ᠪᠦᠬᠦᠳ᠋ᠡ ᠬᠤᠷᠠᠯᠳ᠋ᠤᠭᠠᠨ ᠤ ᠵᠤᠷᠢ᠍ᠭ ᠰᠠᠨᠠᠭ᠎ᠠ ᠶᠢ ᠪᠦᠬᠦ ᠲᠠᠯ᠎ᠠ ᠪᠡᠷ ᠲᠤᠭᠤᠰᠢ᠍ᠯᠠᠭᠤᠯᠵᠤ᠂ ᠰᠢ ᠵᠢᠨ ᠫᠢᠩ ᠤᠨ ᠬᠠᠤᠯᠢ ᠪᠡᠷ ᠵᠠᠰᠠᠬᠤ ᠦᠵᠡᠯ ᠰᠠᠨᠠᠭ᠎ᠠ᠂ ᠰᠢ ᠵᠢᠨ ᠫᠢᠩ ᠶᠡᠷᠦᠩᠬᠡᠢ ᠱᠦ᠋ᠵᠢ ᠶᠢᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠬᠡ ᠬᠤᠷᠠᠯ ᠤᠨ ᠲᠦ᠋ᠷᠢ᠍ᠮ ᠢ ᠪᠠᠷᠢ᠍ᠮᠳ᠋ᠠᠯᠠᠵᠤ ᠲᠡᠭᠦᠯᠳ᠋ᠡᠷᠵᠢ᠍ᠭᠦᠯᠬᠦ ᠲᠤᠬᠠᠢ ᠴᠢ᠍ᠬᠤᠯᠠ ᠦᠵᠡᠯ ᠰᠠᠨᠠᠭ᠎ᠠ ᠪᠠ ᠦᠪᠦᠷ ᠮᠤᠩᠭ᠋ᠤᠯ ᠤᠨ ᠴᠢ᠍ᠬᠤᠯᠠ ᠶᠠᠷᠢ᠍ᠶ᠎ᠠ ᠴᠢ᠍ᠬᠤᠯᠠ ᠵᠢᠭᠠᠪᠤᠷᠢ ᠴᠤᠬᠤᠯᠠᠪᠤᠷᠢ ᠶᠢᠨ ᠵᠤᠷᠢ᠍ᠭ ᠰᠠᠨᠠᠭ᠎ᠠ ᠶᠢ ᠭᠦᠨᠵᠡᠭᠡᠢ ᠰᠤᠷᠤᠯᠴᠠᠵᠤ ᠨᠠᠢ᠌ᠳ᠋ᠠᠪᠤᠷᠢ᠍ᠵᠢ᠍ᠭᠤᠯᠤᠨ᠂ ᠨᠠᠮ ᠤᠨ ᠤᠳ᠋ᠤᠷᠢ᠍ᠳ᠋ᠤᠯᠭ᠎ᠠ᠂ ᠠᠷᠠᠳ ᠲᠦ᠋ᠮᠡᠨ ᠡᠷᠬᠡ ᠮᠡᠳ᠋ᠡᠵᠦ ᠡᠵᠡᠨ ᠰᠠᠭᠤᠬᠤ᠂ ᠬᠠᠤᠯᠢ ᠶᠤᠰᠤᠭᠠᠷ ᠤᠯᠤᠰ ᠶᠢᠡᠨ ᠵᠠᠰᠠᠬᠤ ᠶᠢ ᠪᠠᠷᠢ᠍ᠮᠳ᠋ᠠᠯᠠᠬᠤ ᠶᠢ ᠤᠷᠭᠠᠨᠢ᠍ᠭ ᠶᠢᠡᠷ ᠤᠶᠠᠯᠳ᠋ᠤᠭᠤᠯᠵᠦ᠂ ᠬᠤᠰᠢ᠍ᠭᠤᠨ ᠤ ᠨᠠᠮ ᠤᠨ ᠬᠤᠷᠢ᠍ᠶᠠᠨ ᠤ ᠠᠷᠪᠠᠨ ᠬᠤᠶᠠᠳ᠋ᠤᠭᠠᠷ ᠬᠤᠭᠤᠴᠠᠭᠠᠨ ᠤ ᠠᠷᠪᠠᠨ ᠵᠢᠷᠭᠤᠳ᠋ᠤᠭᠠᠷ ᠤᠳ᠋ᠠᠭᠠᠨ ᠤ ᠪᠦᠬᠦᠳ᠋ᠡ ᠬᠤᠷᠠᠯᠳ᠋ᠤᠭᠠᠨ ᠤ ᠪᠠᠢ᠌ᠷᠢ᠍ᠯᠠᠭᠤᠯᠤᠯᠲᠠ ᠶᠤᠰᠤᠭᠠᠷ᠂ ᠦᠨᠳ᠋ᠦᠰᠦᠨ ᠬᠠᠤᠯᠢ ᠪᠠ ᠬᠠᠤᠯᠢ ᠴᠠᠭᠠᠵᠠ ᠡᠴᠨ ᠤᠯᠭᠤᠭᠰᠠᠨ ᠲᠤᠰᠢ᠍ᠶᠠᠯ ᠬᠠᠷᠢ᠍ᠭᠤᠴᠠᠯᠭ᠎ᠠ ᠪᠠᠨ ᠨᠠᠷᠢ᠍ᠨ ᠬᠢᠨᠠᠮᠠᠭᠠᠢ ᠭᠦᠢ᠍ᠴᠡᠳᠭᠡᠨ᠂ ᠵᠤᠷᠢ᠍ᠭᠲᠠᠢ ᠪᠡᠷ ᠬᠠᠷᠢ᠍ᠭᠤᠴᠠᠯᠭ᠎ᠠ ᠡᠭᠦᠷᠭᠡᠯᠡᠵᠦ᠂ ᠯᠠᠪᠳ᠋ᠠᠭᠤᠨ ᠪᠠᠲᠤᠲᠠᠢ ᠪᠡᠷ ᠲᠤᠰᠢ᠍ᠶᠠᠯ ᠶᠢᠡᠨ ᠭᠦᠢ᠍ᠴᠡᠳᠭᠡᠨ᠂ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠦᠢ᠍ᠯᠡᠰ ᠦᠨ ᠬᠦᠭ᠍ᠵᠢ᠍ᠯᠳ᠋ᠡ ᠶᠢᠨ ᠰᠢ᠍ᠨ᠎ᠠ ᠪᠠᠢ᠌ᠳ᠋ᠠᠯ ᠢ ᠴᠢ᠍ᠷᠮᠠᠢ᠌ᠨ ᠡᠭᠦᠳᠴᠦ᠂ ᠰᠢ᠍ᠯᠢ᠍ᠳ᠋ᠡᠭ᠌ ᠬᠢᠷᠢ ᠪᠦᠲᠦᠮᠵᠢ ᠪᠡᠷ ᠨᠠᠮ ᠪᠠᠢ᠌ᠭᠤᠯᠤᠭᠳ᠋ᠠᠭᠰᠠᠨ100 ᠵᠢᠯ ᠦᠨ ᠤᠢ ᠶᠢ ᠪᠠᠯᠭᠡᠯᠡᠶ᠎ᠠ ︕
               ᠬᠠᠮᠤᠭ ᠡᠴᠤᠰ ᠲᠤ᠂ ᠲᠠ ᠪᠦᠬᠦᠨ ᠦ ᠪᠠᠶ᠎ᠠ ᠮᠠᠬᠠᠪᠤᠤᠨ ᠴᠢ᠍ᠨᠢ ᠡᠷᠡᠬᠦᠯ ᠴᠢ᠍ᠬᠢᠷᠠᠭ᠂ ᠭᠡᠷ ᠬᠤᠳ᠋ᠠᠯᠠᠭᠠᠷ ᠶᠢᠡᠷ ᠶᠢᠡᠨ ᠵᠤᠯ ᠵᠢᠷᠭᠠᠯ ᠲᠡᠶ᠂ ᠪᠠᠶᠠᠷ ᠪᠠᠶᠠᠰᠬᠤᠯᠠᠩ ᠲᠡᠶ᠂ ᠦᠬᠡᠷ ᠵᠢᠯ ᠳᠡᠭᠡᠨ ᠦᠯᠵᠡᠢ ᠪᠡᠯᠭᠡ ᠲᠡᠶ ᠪᠠᠢ᠌ᠬᠤ ᠶᠢ ᠵᠦ᠋ᠩᠨᠡᠨ ᠪᠡᠯᠭᠡᠳ᠋ᠡᠶ᠎ᠠ ︕
                     
                                  ᠵᠠᠷᠤᠤᠨ ᠬᠤᠰᠢ᠍ᠭᠤᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ
                                                                   2021 ᠤᠨ ᠤ 2 ᠰᠠᠷ᠎ᠠ

ᠡᠮᠦᠨᠡᠬᠢ᠄ ᠵᠠᠷᠤᠳ ᠬᠣᠰᠢᠭᠤᠨ ᠤ ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠤᠨ ᠪᠠᠢᠩᠭᠤ ᠶᠢᠨ ᠬᠤᠷᠢᠶᠠᠨ ᠤ ᠬᠤᠷᠢᠨ ᠭᠤᠷᠪᠠᠳᠤᠭᠠᠷ ᠬᠤᠷᠠᠯ ᠬᠤᠷᠠᠯᠳᠤᠪᠠ
ᠳᠠᠷᠠᠭᠠᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠪᠠᠢᠭᠤᠯᠭ᠎ᠠ ᠶᠢᠨ ᠠᠵᠢᠯ ᠤᠨ ᠤᠢᠯᠡᠴᠢᠯᠡᠭᠡᠨ ᠤ ᠲᠦᠪ ᠴᠠᠭᠠᠨ ᠰᠠᠷ᠎ᠠ ᠶᠢᠨ ᠠᠮᠠᠷᠠᠯᠳᠠ ᠶᠢᠨ ᠬᠤᠭᠤᠴᠠᠭᠠᠨ ᠤ ᠡᠯ᠎ᠠ ᠲᠦᠷᠤᠯ ᠤᠨ ᠠᠷᠤ ᠤᠢᠯᠡᠴᠢᠯᠡᠭᠡᠨ ᠤ ᠪᠠᠳᠤᠯᠠᠭ᠎ᠠ ᠶᠢᠨ ᠠᠵᠢᠯ ᠢ ᠪᠦᠬᠦ ᠬᠦᠴᠦᠨ ᠶᠢᠠᠷ ᠰᠠᠢᠳᠤᠷ ᠬᠢᠪᠡ