ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠪᠦᠬᠦ ᠨᠠᠮ ᠤᠨ ᠬᠡᠰᠢ᠍ᠭᠦᠨ ᠺᠠᠳ᠋ᠷᠴᠤᠳ ᠤᠨ ᠶᠡᠬᠡ ᠬᠤᠷᠠᠯ ᠬᠤᠷᠠᠯᠳ᠋ᠤᠭᠤᠯᠪᠠ

2 ᠰᠠᠷ᠎ᠠ ᠶᠢᠨ 26᠋ ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠪᠦᠬᠦ ᠨᠠᠮ ᠤᠨ ᠬᠡᠰᠢ᠍ᠭᠦᠨ ᠺᠠᠳ᠋ᠷᠴᠤᠳ ᠤᠨ ᠶᠡᠬᠡ ᠬᠤᠷᠠᠯ ᠬᠤᠷᠠᠯᠳ᠋ᠤᠭᠤᠯᠪᠠ᠃ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ ᠡᠦ ᠴᠢ᠍ᠩ ᠬᠠᠢ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠲᠡᠳ᠋ ᠡᠷᠬᠢᠯᠡᠭ᠍ᠴᠢ ᠡᠦ ᠰᠢ᠍ᠶᠤᠤ᠂ᠪᠦ᠋ ᠮᠤᠤ ᠰᠢ᠍ᠶᠠᠩ᠂ ᠦᠷᠡᠪᠠᠳ᠋ᠦ ᠬᠤᠷᠠᠯ ᠳᠤ ᠤᠷᠤᠯᠴᠠᠵᠤ᠂ ᠨᠠᠷᠢ᠍ᠨ ᠪᠢᠴᠢ᠍ᠭ᠌ ᠤᠨ ᠲᠠᠷᠤᠭ᠎ᠠ ᠯᠢ ᠴᠸᠩ ᠭᠦᠸᠸ ᠬᠤᠷᠠᠯ ᠡᠷᠬᠢᠯᠡᠪᠡ᠃

ᠬᠤᠷᠠᠯ ᠲᠡᠭᠡᠷ᠎ᠠ᠂ ᠡᠦ ᠴᠢ᠍ᠩ ᠬᠠᠢ ᠲᠦ᠋ᠩᠯᠢ᠍ᠶᠤᠤ ᠬᠤᠳ᠋ᠠ ᠶᠢᠨ ᠨᠠᠮ ᠤᠨ ᠬᠤᠷᠢ᠍ᠶᠠᠨ ᠤ ᠱᠦ᠋ᠵᠢ ᠹᠸᠩ ᠢᠦᠢ ᠵᠸᠨ ᠤ ᠲᠦ᠋ᠩᠯᠢ᠍ᠶᠤᠤ ᠬᠤᠳ᠋ᠠ ᠶᠢᠨ ᠲᠠᠪᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠲᠦ᠋ᠷᠪᠡᠳ᠋ᠦᠭᠡᠷ ᠬᠤᠷᠠᠯ ᠤᠨ ᠵᠠᠷᠤᠳ ᠬᠤᠰᠢ᠍ᠭᠤᠨ ᠤ ᠲᠦ᠋ᠯᠦᠭᠡᠯᠡᠭ᠍ᠴᠢ᠍ᠳ ᠤᠨ ᠪᠦᠯᠬᠦᠮ ᠤᠨ ᠬᠢᠨᠠᠨ ᠵᠦ᠋ᠪᠯᠡᠬᠦ ᠳᠤ ᠤᠷᠤᠯᠴᠠᠭᠰᠠᠨ ᠶᠠᠷᠢ᠍ᠶ᠎ᠠ ᠶᠢᠨ ᠵᠤᠷᠢ᠍ᠭ ᠰᠠᠨᠠᠭ᠎ᠠ ᠶᠢ ᠤᠯᠠᠮᠵᠢ᠍ᠯᠠᠨ ᠰᠤᠷᠤᠯᠴᠠᠪᠠ᠃

ᠡᠦ ᠰᠢ᠍ᠶᠤᠤ 《ᠦᠪᠦᠷ ᠮᠤᠩᠭ᠋ᠤᠯ ᠤᠨ ᠦᠪᠡᠷᠳ᠋ᠡᠭᠡᠨ ᠵᠠᠰᠠᠬᠤ ᠤᠷᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ 〈ᠪᠦᠬᠦ ᠤᠷᠤᠨ ᠤ ᠦᠨᠳ᠋ᠦᠰᠦᠳ᠋ᠡᠨ ᠤ ᠦᠭᠡ ᠬᠡᠯᠡ ᠪᠡᠷ ᠬᠢᠴᠢ᠍ᠶᠡᠯᠯᠡᠵᠤ ᠪᠠᠢᠭ᠎ᠠ ᠰᠤᠷᠭᠠᠭᠤᠯᠢ ᠭᠤᠷᠪᠠᠨ ᠲᠦᠷᠤᠯ ᠤᠨ ᠨᠢᠭᠡᠳᠤᠯᠳᠠᠢ ᠨᠠᠢᠷᠠᠭᠤᠯᠤᠭᠰᠨᠨ ᠵᠢᠭᠠᠬᠤ ᠮᠠᠲ᠋ᠸᠷᠢᠶᠠᠯ ᠢ ᠲᠠᠯᠭᠡᠷᠡᠬᠦᠯᠤᠨ ᠭᠡᠷᠡᠭᠯᠡᠬᠦ ᠪᠠ ᠤᠯᠤᠰ ᠤᠨ ᠨᠡᠢ᠌ᠳ᠋ᠡᠮ ᠬᠡᠷᠡᠭᠯᠡᠬᠦ ᠦᠭᠡ ᠬᠡᠯᠡ ᠦᠰᠦᠭ᠌ ᠪᠢᠴᠢ᠍ᠭ᠌ ᠤᠨ ᠰᠤᠷᠭᠠᠨ ᠬᠦᠮᠦᠵᠢ᠍ᠯ ᠤᠨ ᠵᠢᠭᠠᠨ ᠰᠤᠷᠭᠠᠯᠳ᠋ᠠ ᠶᠢᠨ ᠠᠵᠢ᠍ᠯ ᠢ ᠪᠦᠬᠦ ᠲᠠᠯ᠎ᠠ ᠪᠡᠷ ᠴᠢᠩᠭᠠᠳᠬᠠᠬᠤ ᠶᠢᠨ ᠬᠡᠷᠡᠭ᠍ᠵᠢ᠍ᠭᠦᠯᠬᠦ ᠲᠦᠰᠤᠯ〉᠋ ᠤᠨ ᠲᠤᠬᠠᠢ ᠬᠠᠮᠢᠶ᠎ᠠ ᠪᠦᠬᠦᠢ ᠠᠷᠭ᠎ᠠ ᠠᠪᠴᠠᠯ》᠋ ᠤᠨ ᠮᠡᠳ᠋ᠡᠭ᠍ᠳ᠋ᠡᠯ ᠢ ᠤᠯᠠᠮᠵᠢ᠍ᠯᠠᠨ ᠰᠤᠷᠤᠯᠴᠠᠪᠠ᠃

ᠯᠢ ᠴᠸᠩ ᠭᠦᠸᠸ ᠲᠦ᠋ᠩᠯᠢ᠍ᠶᠤᠤ ᠬᠤᠳ᠋ᠠ ᠶᠢᠨ ᠲᠠᠪᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠲᠦ᠋ᠷᠪᠡᠳ᠋ᠦᠭᠡᠷ ᠬᠤᠷᠠᠯ ᠤᠨ ᠬᠠᠮᠢ᠍ᠶ᠎ᠠ ᠪᠦᠬᠦᠢ ᠪᠠᠢ᠌ᠳ᠋ᠠᠯ ᠢ ᠲᠠᠨᠢᠯᠴᠠᠭᠤᠯᠪᠠ᠃

ᠡᠦ ᠴᠢ᠍ᠩ ᠬᠠᠢ ᠴᠢ᠍ᠬᠤᠯᠠᠴᠢ᠍ᠯᠭᠰᠠᠨ ᠨᠢ᠂ ᠤᠷᠤᠨ ᠨᠤᠳ᠋ᠤᠭ ᠤᠨ ᠲᠦᠷᠤ ᠶᠢᠨ ᠡᠷᠬᠡᠳ᠋ᠦ ᠪᠠᠢ᠌ᠭᠤᠯᠤᠯᠭ᠎ᠠ ᠪᠤᠯᠤᠭᠰᠠᠨ ᠤ ᠬᠤᠪᠢ ᠳᠤ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠵᠢᠴᠢ ᠪᠠᠢ᠌ᠭᠤᠯᠭ᠎ᠠ ᠤᠯᠠᠮ ᠨᠢ᠍ᠭᠡ ᠠᠯᠬᠤᠮ ᠤᠯᠤᠰ ᠲᠦ᠋ᠷᠦ ᠶᠢᠨ ᠵᠤᠭᠰᠤᠯᠳ᠋ᠠ ᠪᠠᠨ ᠲᠡᠭᠡᠭ᠍ᠰᠢ᠍ᠯᠡᠭᠦᠯᠦᠨ᠂ ᠦᠵᠡᠯ ᠰᠠᠨᠠᠭᠠᠨ ᠤ ᠲᠠᠨᠢᠯᠳ᠋ᠠ ᠪᠠᠨ ᠭᠦᠨᠵᠡᠭᠡᠢ᠌ᠷᠡᠭᠦᠯᠵᠤ᠂ ᠲᠦ᠋ᠩᠯᠢ᠍ᠶᠤᠤ ᠬᠤᠳ᠋ᠠ ᠶᠢᠨ《ᠬᠤᠶᠠᠷ ᠬᠤᠷᠠᠯ》᠋ ᠤᠨ ᠵᠤᠷᠢ᠍ᠭ ᠰᠠᠨᠠᠭ᠎ᠠ ᠶᠢ ᠲᠤᠭᠤᠰᠢ᠍ᠯᠠᠭᠤᠯᠤᠨ ᠨᠠᠢ᠌ᠳ᠋ᠠᠪᠤᠷᠢ᠍ᠵᠢ᠍ᠭᠤᠯᠵᠤ᠂ ᠰᠤᠷᠤᠭᠰᠠᠨ ᠤᠯᠤᠯᠳ᠋ᠠ ᠪᠠᠨ ᠨᠢ᠍ᠭᠡ ᠵᠦ᠋ᠢ᠍ᠯ ᠤᠨ ᠭᠤᠤᠯᠳ᠋ᠠᠯᠭ᠎ᠠ ᠲᠡᠶ ᠤᠯᠤᠰ ᠲᠦ᠋ᠷᠦ ᠶᠢᠨ ᠡᠭᠦᠷᠭᠡ ᠪᠤᠯᠭᠠᠨ ᠨᠢ᠍ᠭᠳ᠋ᠠ ᠮᠦ᠋ᠷᠳ᠋ᠡᠭᠡᠨ ᠪᠤᠳ᠋ᠠᠳ᠋ᠠᠢ ᠠᠳᠬᠤᠬᠤ ᠭᠡᠷᠡᠭᠳᠡᠢ᠃ ᠤᠨᠴᠠᠭᠠᠢ᠌ᠯᠠᠨ ᠹᠸᠩ ᠢᠦᠢ ᠵᠸᠨ ᠱᠦ᠋ᠵᠢ ᠶᠢᠨ ᠶᠠᠷᠢ᠍ᠶᠠᠨ ᠤ ᠵᠤᠷᠢ᠍ᠭ ᠰᠠᠨᠠᠭ᠎ᠠ ᠶᠢᠨ ᠴᠢ᠍ᠬᠤᠯᠠ ᠴᠢ᠍ᠨᠠᠷ ᠪᠠ ᠪᠠᠶᠠᠯᠢ᠍ᠭ ᠠᠭᠤᠯᠤᠭᠳ᠋ᠠᠬᠤᠨ ᠢ ᠭᠦᠨᠵᠡᠭᠡᠢ ᠰᠤᠷᠤᠯᠴᠠᠵᠤ ᠨᠠᠷᠢᠯᠢᠭ ᠤᠢ᠌ᠯᠠᠭᠠᠵᠤ᠂ ᠤᠬᠠᠮᠰᠠᠷ ᠡᠴᠡ ᠪᠠᠨ ᠲᠦᠩᠯᠢ᠍ᠶᠤᠤ ᠬᠤᠳ᠋ᠠ ᠶᠢᠨ《ᠬᠤᠶᠠᠷ ᠬᠤᠷᠠᠯ》᠋ ᠤᠨ ᠡᠯ᠎ᠠ ᠲᠦ᠋ᠷᠦᠯ ᠤᠨ ᠪᠠᠢ᠌ᠷᠢ᠍ᠯᠠᠭᠤᠯᠤᠯᠳ᠋ᠠ ᠲᠤᠬᠢᠷᠠᠭᠤᠯᠤᠯᠳ᠋ᠠ ᠲᠡᠶ ᠬᠠᠷᠭᠤᠭᠤᠯᠤᠨ᠂ ᠬᠤᠰᠢ᠍ᠭᠤᠨ ᠤ ᠨᠠᠮ ᠤᠨ ᠬᠤᠷᠢ᠍ᠶ᠎ᠠ ᠶᠢᠨ ᠠᠷᠪᠠᠨ ᠵᠢᠷᠭᠤᠳ᠋ᠤᠭᠠᠷ ᠤᠳ᠋ᠠᠭᠠᠨ ᠤ ᠪᠦᠬᠦ ᠬᠤᠷᠠᠯ ᠡᠴᠡ ᠲᠤᠷᠠᠳ᠋ᠤᠭᠰᠠᠨ ᠬᠠᠷᠠᠯᠳ᠋ᠠ ᠡᠭᠦᠷᠭᠡ ᠪᠠ ᠰᠡᠳᠬᠢᠬᠦ ᠠᠷᠭ᠎ᠠ ᠠᠪᠴᠠᠯ ᠳᠤ ᠴᠢᠭ᠍ᠯᠡᠭᠦᠯᠵᠦ᠂ ᠠᠵᠢ᠍ᠯ ᠤᠨ ᠰᠠᠨᠠᠭᠠᠴᠢ᠍ᠯᠭᠠᠳ᠋ᠤ ᠴᠢ᠍ᠨᠠᠷ ᠪᠠ ᠢᠳ᠋ᠡᠪᠬᠢᠳ᠋ᠦ ᠴᠢ᠍ᠨᠠᠷ ᠢ ᠪᠤᠳ᠋ᠠᠳ᠋ᠠᠢ ᠴᠢ᠍ᠩᠭ᠋ᠠᠳᠬᠠᠨ᠂ ᠬᠤᠳ᠋ᠠ ᠶᠢᠨ ᠨᠠᠮ ᠤᠨ ᠬᠤᠷᠢ᠍ᠶ᠎ᠠ ᠪᠠ ᠬᠤᠰᠢ᠍ᠭᠤᠨ ᠤ ᠨᠠᠮ ᠤᠨ ᠬᠤᠷᠢ᠍ᠶᠠᠨ ᠤ ᠰᠢ᠌ᠳᠪᠦᠷᠢ ᠲᠤᠬᠢᠷᠠᠭᠤᠯᠤᠯᠳ᠋ᠠ ᠶᠢᠨ ᠪᠤᠳ᠋ᠠᠳ᠋ᠠᠢ ᠨᠠᠢ᠌ᠳ᠋ᠠᠪᠦᠷᠢ᠍ᠵᠢ᠍ᠭᠤᠯᠳ᠋ᠠ ᠶᠢ ᠲᠦ᠋ᠯᠬᠢᠨ ᠤᠷᠤᠭᠰᠢ᠍ᠯᠠᠭᠤᠯᠬᠤ ᠳᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠭᠡ ᠬᠤᠷᠠᠯ ᠤᠨ ᠦᠢ᠍ᠯᠡᠳ᠋ᠦᠯ ᠢ ᠨᠡᠩ ᠰᠠᠢ᠌ᠨ ᠪᠠᠳ᠋ᠠᠷᠠᠭᠤᠯᠬᠤ ᠭᠡᠷᠡᠭᠳᠡᠢ ᠭᠡᠵᠡᠢ᠃

ᠬᠤᠷᠠᠯ ᠳ᠋ᠥ᠂ ᠪᠠᠰᠠ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠲᠠᠪᠤᠳ᠋ᠤᠭᠠᠷ ᠬᠤᠷᠠᠯ ᠤᠨ ᠬᠠᠮᠢ᠍ᠶ᠎ᠠ ᠪᠦᠬᠦᠢ ᠪᠡᠯᠡᠳᠭᠡᠯ ᠠᠵᠢ᠍ᠯ ᠢ ᠲᠤᠬᠢᠷᠠᠭᠤᠯᠤᠨ ᠪᠠᠢ᠌ᠷᠢ᠍ᠰᠢ᠍ᠯᠠᠭᠤᠯᠪᠠ᠃(ᠯᠸᠢ ᠫᠠᠩ)