ᠤᠳᠤ ᠶᠢᠨ ᠪᠠᠢ᠌ᠷᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ → ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ᠁
ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠥᠯᠥᠭᠡᠯᠡᠭ᠍ᠴᠢ  ᠶᠢᠨ ᠳᠤᠮᠳ᠋ᠠᠳ᠋ᠤ  ᠶᠢᠨ ᠦᠨᠳ᠋ᠦᠰᠦᠲᠡᠨ ᠦ ᠬᠠᠮᠲᠤ  ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠲᠤᠰᠬᠠᠶ ᠰᠡᠳ᠋ᠦᠪᠲᠦ ᠪᠣᠯᠪᠠᠰᠤᠷᠠᠯ ᠶᠠᠪᠤᠭᠳᠠᠪᠠ


        


        

        3 ᠰᠠᠷ᠎ᠠ  ᠶᠢᠨ 9᠋ ᠤ ᠡᠳ᠋ᠦᠷ ᠤᠨ ᠦᠳᠡ ᠶᠢᠨ ᠬᠤᠢᠨ᠎ᠡ᠂ ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠥᠯᠥᠭᠡᠯᠡᠭ᠍ᠴᠢ  ᠶᠢᠨ ᠳᠤᠮᠳ᠋ᠠᠳ᠋ᠤ ᠶᠢᠨ ᠦᠨᠳ᠋ᠦᠰᠦᠲᠡᠨ ᠦ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠲᠤᠰᠬᠠᠶ ᠰᠡᠳ᠋ᠦᠪᠲᠦ ᠪᠣᠯᠪᠠᠰᠤᠷᠠᠯ ᠶᠠᠪᠤᠭᠳ᠋ᠠᠪᠠ᠃ ᠬᠣᠰᠢ᠍ᠭᠤᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠨᠠᠮ ᠤᠨ ᠤᠳ᠋ᠤᠷᠢ᠍ᠳᠬᠤ ᠳᠤᠭᠤᠶ᠍ᠢ᠍ᠯᠠᠩ ᠤᠨ ᠱᠦ᠋ᠵᠢ ᠡᠤ ᠴᠢ᠍ᠩ ᠬᠠᠢ᠂ ᠬᠣᠰᠢ᠍ᠭᠤᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠪᠠᠢ᠌ᠩᠭ᠋ᠤ  ᠶᠢᠨ ᠬᠣᠷᠢ᠍ᠶᠠᠨ ᠤ ᠳᠡᠳ᠋ ᠡᠷᠬᠢᠯᠡᠭ᠍ᠴᠢ ᠡᠤ ᠰᠢ᠍ᠶᠤᠤ᠂ ᠪᠦ᠋ ᠮᠤᠤ ᠰᠢᠶᠠᠩ᠂ ᠦᠷᠡᠪᠡᠳ᠋ᠦ᠂ ᠰᠦ᠋ᠩ ᠯᠢ᠍ᠶᠠᠨ ᠾᠥᠢ᠂ ᠬᠣᠰᠢ᠍ᠭᠤᠨ ᠤ ᠰᠢ᠍ᠭᠦᠬᠦ ᠬᠣᠷᠢ᠍ᠶᠠᠨ ᠤ ᠳᠠᠷᠤᠭ᠎ᠠ ᠶᠠᠩ ᠭᠧ ᠬᠤᠸᠠ ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠥᠯᠥᠭᠡᠯᠡᠭ᠍ᠴᠢ᠍ᠳ ᠤᠨ ᠪᠣᠯᠪᠠᠰᠤᠷᠠᠯ ᠳᠤ ᠣᠷᠣᠯᠴᠠᠪᠠ᠃

        
             ᠪᠣᠯᠪᠠᠰᠤᠷᠠᠯ ᠳᠡᠭᠡᠷ᠎ᠠ᠂ ᠬᠣᠲᠠ ᠶᠢᠨ ᠨᠠᠮ ᠤᠨ ᠬᠣᠷᠢ᠍ᠶᠠᠨ ᠤ ᠨᠠᠮ ᠤᠨ ᠰᠤᠷᠭᠠᠭᠤᠯᠢ ᠶᠢᠨ ᠫᠷᠤᠹᠧᠰᠰᠤᠷ ᠯᠢ᠍ᠦ ᠹᠦ᠋ ᠶᠢ᠍ᠩ ᠡᠴᠡ《ᠳᠤᠮᠳ᠋ᠠᠳ᠋ᠤ  ᠶᠢᠨ ᠦᠨᠳ᠋ᠦᠰᠦᠲᠡᠨ ᠦ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠤᠭᠴᠠᠯᠠᠨ᠂ᠰᠢ ᠶᠢᠨ ᠫᠢᠩ ᠤᠨ ᠲᠥᠷᠥ ᠵᠢ ᠵᠠᠰᠠᠬᠤ ᠲᠤᠬᠠᠶ ᠦᠭᠦᠯᠡᠮᠵᠢ〉ᠭᠡᠬᠦ ᠨᠣᠮ ᠤᠨ ᠦᠨᠳ᠋ᠦᠰᠦᠲᠡᠨ ᠦ ᠠᠵᠢ᠍ᠯ ᠤᠨ ᠲᠤᠬᠠᠶ ᠴᠢ᠍ᠬᠤᠯᠠ ᠥᠭᠦᠯᠡᠯᠲᠡ ᠵᠢ ᠰᠤᠷᠤᠯᠴᠠᠬᠤ》᠋ ᠪᠡᠷ ᠭᠤᠤᠯ ᠰᠡᠳ᠋ᠦᠪ ᠪᠣᠯᠭᠠᠵᠤ᠂《ᠳᠤᠮᠳ᠋ᠠᠳ᠋ᠤ ᠶᠢᠨ ᠦᠨᠳ᠋ᠦᠰᠦᠲᠡᠨ ᠦ ᠬᠠᠮᠲᠤ ᠶᠢᠨ ᠴᠣᠭᠴᠠ ᠵᠢ ᠪᠠᠲᠤ ᠴᠣᠭᠴᠠᠯᠠᠬᠤ》ᠡᠨᠡᠬᠦ ᠦᠨᠳ᠋ᠦᠰᠦᠲᠡᠨ ᠦ ᠠᠵᠢ᠍ᠯ ᠤᠨ ᠭᠣᠣᠯ ᠰᠢ᠍ᠵᠢ᠍ᠮ ᠦᠨ ᠲᠣᠭᠣᠷᠢ᠍ᠨ ᠳᠤ᠂ ᠰᠢ᠍ᠨ᠎ᠠ ᠴᠠᠭ ᠦᠶ᠎ᠠ ᠶᠢᠨ ᠦᠨᠳ᠋ᠦᠰᠦᠲᠡᠨ ᠦ ᠠᠵᠢ᠍ᠯ ᠢ ᠰᠠᠢᠲᠤᠷ ᠬᠢᠬᠦ ᠶᠢᠨ ᠴᠢ᠍ᠬᠤᠯᠠ ᠴᠢ᠍ᠨᠠᠷ ᠪᠠ ᠲᠤᠯᠭᠠᠮ᠎ᠡ ᠴᠢ᠍ᠨᠠᠷ ᠢ ᠭᠦᠢ᠍ᠴᠡᠳ ᠲᠠᠨᠢᠵᠤ᠂ ᠶᠡᠷᠦᠩᠬᠡᠶ ᠱᠦ᠋ᠵᠢ ᠰᠢ ᠶᠢᠨ ᠫᠢᠩ ᠦᠨ ᠦᠨᠳ᠋ᠦᠰᠦᠲᠡᠨ ᠦ ᠠᠵᠢ᠍ᠯ ᠤᠨ ᠲᠤᠬᠠᠶ ᠴᠢ᠍ᠬᠤᠯᠠ ᠥᠭᠦᠯᠡᠯᠲᠡ  ᠶᠢᠨ ᠵᠣᠷᠢ᠍ᠭ ᠰᠠᠨᠠᠭᠠᠨ ᠤ ᠠᠭᠤᠯᠤᠭᠳ᠋ᠠᠬᠤᠨ ᠢ ᠭᠦᠨᠵᠡᠭᠡᠶ ᠤᠢ᠌ᠯᠠᠭᠠᠨ᠂ ᠶᠡᠷᠦᠩᠬᠡᠶ ᠱᠦ᠋ᠵᠢ ᠰᠢ ᠶᠢᠨ ᠫᠢᠩ ᠦᠨ ᠥᠪᠥᠷ ᠮᠣᠩᠭ᠋ᠣᠯ ᠳᠤ ᠰᠢ᠍ᠨᠵᠢ᠍ᠯᠡᠨ ᠪᠠᠢ᠌ᠴᠠᠭᠠᠬᠤ ᠦᠶ᠎ᠠ ᠶᠢᠨ ᠦᠨᠳ᠋ᠦᠰᠦᠲᠡᠨ ᠦ ᠠᠵᠢ᠍ᠯ ᠤᠨ ᠲᠤᠬᠠᠶ ᠴᠢ᠍ᠬᠤᠯᠠ ᠶᠠᠷᠢ᠍ᠶᠠᠨ ᠤ ᠵᠣᠷᠢ᠍ᠭ ᠰᠠᠨᠠᠭᠠᠨ ᠤ ᠠᠴᠢ ᠬᠣᠯᠪᠣᠭᠳ᠋ᠠᠯ ᠵᠡᠷᠭᠡ ᠲᠠᠯ᠎ᠠ ᠪᠠᠷ ᠭᠦᠨᠵᠡᠭᠡᠶ ᠪᠥᠭᠡᠳ ᠣᠢᠯᠠᠭᠠᠮᠵᠢ᠍ᠲᠠᠶ᠂ ᠪᠦᠬᠦ ᠲᠠᠯ᠎ᠠ ᠪᠡᠷ ᠲᠠᠢ᠌ᠯᠪᠤᠷᠢ᠍ᠯᠠᠯᠳ᠋ᠠ ᠬᠢᠵᠦ᠂ ᠪᠣᠯᠪᠠᠰᠤᠷᠠᠯ ᠳᠤ ᠣᠷᠣᠯᠴᠠᠭᠰᠠᠨ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠥᠯᠥᠭᠡᠯᠡᠭ᠍ᠴᠢ ᠵᠢ ᠬᠥᠲᠥᠯᠥᠨ ᠵᠢ᠍ᠯᠣᠭᠣᠳᠴᠤ ᠭᠦᠨᠵᠡᠭᠡᠶ ᠰᠤᠷᠤᠯᠴᠠᠭᠤᠯᠬᠤ ᠪᠠᠷ ᠳᠠᠮᠵᠢ᠍ᠨ᠂ ᠮᠥᠨ ᠴᠢ᠍ᠨᠠᠷ ᠢ ᠡᠵᠡᠮᠰᠢ᠍ᠭᠦᠯᠦᠨ᠂ ᠦᠵᠡᠯ ᠰᠠᠨᠠᠭᠠᠨ ᠤ ᠰᠠᠭᠤᠷᠢ ᠵᠢ ᠪᠡᠬᠢᠵᠢ᠍ᠭᠦᠯᠪᠡ᠃

        
             ᠡᠦ ᠴᠢ᠍ᠩ ᠬᠠᠢ᠂ ᠪᠦᠬᠦ ᠬᠣᠰᠢ᠍ᠭᠤᠨ ᠤ ᠡᠯ᠎ᠠ ᠱᠠᠲᠤᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠥᠯᠥᠭᠡᠯᠡᠭ᠍ᠴᠢ ᠨᠠᠮ ᠤᠨ ᠦᠨᠳ᠋ᠦᠰᠦᠲᠡᠨ ᠦ ᠲᠦ᠋ᠷᠦ ᠶᠢᠨ ᠪᠤᠳ᠋ᠤᠯᠭ᠎ᠠ ᠶᠢᠨ ᠤᠨᠤᠯ ᠢ ᠲᠦ᠋ᠷᠦᠭᠦᠯᠡᠨ ᠤᠬᠠᠭᠤᠯᠤᠨ ᠲᠤᠭᠤᠰᠢ᠍ᠯᠠᠭᠤᠯᠵᠦ᠂ ᠠᠷᠠᠳ ᠲᠦ᠋ᠮᠡᠨ ᠦ ᠳᠤᠮᠳ᠋ᠠ ᠡᠴᠠ ᠢᠷᠡᠭ᠍ᠰᠡᠨ᠂ ᠠᠷᠠᠳ ᠲᠦ᠋ᠮᠡᠨ ᠦ ᠳᠤᠮᠳ᠋ᠠ ᠦᠨᠳ᠋ᠦᠰᠦᠯᠡᠭ᠍ᠰᠡᠨ ᠳᠠᠪᠠᠭᠤᠯᠢ᠍ᠭ ᠶᠢᠠᠨ ᠭᠦᠢ᠍ᠴᠡᠳ ᠪᠠᠳ᠋ᠠᠷᠠᠭᠤᠯᠵᠤ᠂ ᠠᠷᠠᠳ ᠤᠯᠠᠨ ᠯᠤᠭ᠎ᠠ ᠶᠢᠨ ᠬᠠᠷᠢ᠍ᠯᠴᠠᠭ᠎ᠠ ᠪᠠᠨ ᠴᠢ᠍ᠨᠠᠭᠰᠢ᠍ᠳ᠋ᠠ ᠨᠢ᠍ᠭᠲᠠᠷᠠᠭᠤᠯᠤᠨ᠂ ᠤᠯᠠᠨ ᠲᠦ᠋ᠮᠡᠨ ᠦ ᠦᠵᠡᠯ ᠰᠠᠨᠠᠭᠠᠨ ᠤ ᠠᠵᠢ᠍ᠯ ᠢ ᠲᠦ᠋ᠷᠦᠭᠦᠯᠡᠨ ᠰᠠᠢᠲᠤᠷ ᠬᠢᠬᠦ ᠬᠡᠷᠡᠭ᠍ᠲᠡᠢ᠃ ᠥᠷᠭᠡᠨ ᠣᠯᠠᠨ ᠲᠦ᠋ᠮᠡᠨ ᠦ ᠣᠢᠯᠠᠭᠠᠬᠤ ᠳᠤ ᠬᠢᠯᠪᠠᠷ᠂ ᠳᠤᠷᠠᠲᠠᠶ᠎ᠠ ᠭᠥᠯᠢ᠍ᠶᠡᠨ ᠠᠪᠬᠤ ᠠᠷᠭ᠎ᠠ ᠬᠡᠯᠪᠡᠷᠢ ᠪᠠᠷ᠂ ᠳᠤᠮᠳ᠋ᠠᠳ᠋ᠤ ᠶᠢᠨ ᠦᠨᠳ᠋ᠦᠰᠦᠲᠡᠨ ᠦ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠶᠢᠨ ᠴᠢ᠍ᠬᠤᠯᠠ ᠠᠴᠢ ᠬᠣᠯᠪᠣᠭᠳ᠋ᠠᠯ ᠪᠠ ᠤᠯᠤᠰ ᠤᠨ ᠨᠢ᠍ᠭᠡᠳ᠋ᠦᠯᠲᠡᠶ ᠨᠠᠢᠷᠠᠭᠤᠯᠤᠭᠰᠠᠨ ᠵᠢ᠍ᠭᠠᠬᠤ ᠮᠠᠲ᠋ᠧᠷᠢ᠍ᠶᠠᠯ ᠢ ᠲᠤᠭᠤᠰᠢ᠍ᠳ᠋ᠠᠢ ᠳᠡᠯᠭᠡᠷᠡᠭᠦᠯᠦᠨ ᠬᠡᠷᠡᠭᠯᠡᠬᠦ ᠶᠢᠨ ᠰᠠᠢᠨ ᠲᠠᠯ᠎ᠠ ᠵᠢ ᠨᠡᠪᠲᠡ ᠶᠠᠷᠢ᠍ᠵᠤ᠂ ᠵᠥᠪ ᠲᠠᠯ᠎ᠠ ᠡᠴᠨ ᠤᠬᠠᠭᠤᠯᠵᠤ ᠬᠥᠲᠥᠯᠥᠨ ᠵᠢ᠍ᠯᠣᠭᠣᠳᠬᠤ ᠠᠵᠢ᠍ᠯ ᠢ ᠰᠠᠢᠲᠤᠷ ᠬᠢᠵᠦ᠂ ᠲᠥᠷᠥ ᠶᠢᠨ ᠪᠣᠳ᠋ᠣᠯᠭ᠎ᠠ ᠶᠢᠨ ᠲᠠᠢᠯᠤᠮᠵᠢ ᠵᠢ ᠠᠷᠠᠳ ᠣᠯᠠᠨ ᠳᠤ ᠦᠨᠡᠨ ᠬᠦ ᠦᠵᠡᠯ ᠰᠠᠨᠠᠭᠠᠨ ᠤ ᠲᠠᠯ᠎ᠠ ᠪᠠᠷ ᠮᠡᠳ᠋ᠡᠷᠡᠭᠦᠯᠬᠦ ᠪᠠ ᠭᠥᠯᠢ᠍ᠶᠡᠨ ᠠᠪᠤᠭᠤᠯᠵᠤ᠂ ᠨᠠᠮ ᠤᠨ ᠦᠨᠳ᠋ᠦᠰᠦᠲᠡᠨ ᠦ ᠲᠥᠷᠥ ᠶᠢᠨ ᠪᠣᠳ᠋ᠣᠯᠭ᠎ᠠ ᠵᠢ ᠦᠨᠳ᠋ᠦᠰᠦᠲᠡᠨ ᠨᠦᠭᠦᠳ ᠦᠨ ᠣᠯᠠᠨ ᠲᠦ᠋ᠮᠡᠨ ᠦ ᠰᠡᠳᠬᠢᠯ ᠳ᠋ᠦ ᠦᠨᠳ᠋ᠦᠰᠦᠯᠡᠭᠦᠯᠵᠦ ᠴᠡᠴᠡᠭᠯᠡᠭᠦᠯᠬᠦ ᠬᠡᠷᠡᠭ᠍ᠲᠡᠶ᠃ ᠦᠨᠳ᠋ᠦᠰᠦᠲᠡᠨ ᠦ ᠪᠦᠯᠬᠦᠮᠳ᠋ᠡᠯ ᠳᠠᠪᠰᠢ᠍ᠯᠲᠠ ᠵᠢ ᠡᠭᠦᠳ᠋ᠦᠨ ᠪᠠᠢ᠌ᠭᠤᠯᠬᠤ ᠠᠵᠢ᠍ᠯᠯᠠᠭ᠎ᠠ ᠳᠤ ᠢᠳ᠋ᠡᠪᠬᠢᠲᠡᠢ ᠣᠷᠣᠯᠴᠠᠵᠤ᠂《ᠲᠠᠪᠤᠨ ᠬᠠᠮᠲᠤ ᠶᠢᠨ ᠲᠠᠨᠢᠯᠳᠠ》《ᠭᠤᠷᠪᠠᠨ ᠰᠠᠯᠵᠤ ᠪᠣᠯᠤᠰᠢ ᠦᠭᠡᠶ》ᠭᠡᠬᠦ ᠤᠬᠠᠮᠰᠠᠷ ᠶᠢᠠᠨ ᠲᠠᠰᠤᠷᠠᠯᠲᠠ ᠦᠭᠡᠶ ᠴᠢ᠍ᠩᠭ᠋ᠠᠳᠬᠠᠵᠤ᠂ ᠲᠣᠰ ᠪᠡᠶ᠎ᠠ ᠶᠢᠨ ᠣᠨᠴᠠᠯᠢ᠍ᠭ ᠪᠠ ᠠᠵᠢ᠍ᠯ ᠤᠨ ᠪᠠᠢ᠌ᠷᠢ ᠶᠢᠨ ᠣᠨᠴᠠᠯᠢ᠍ᠭ ᠲᠠᠭᠠᠨ ᠰᠠᠭᠤᠷᠢ᠍ᠯᠠᠨ᠂ ᠦᠨᠳ᠋ᠦᠰᠦᠲᠡᠨ ᠦ ᠪᠦᠯᠬᠦᠮᠳ᠋ᠡᠯ ᠳᠠᠪᠰᠢ᠍ᠯᠲᠠ ᠵᠢ ᠡᠭᠦᠳ᠋ᠦᠨ ᠪᠠᠢ᠌ᠭᠤᠯᠬᠤ ᠠᠵᠢ᠍ᠯ ᠳᠤ ᠢᠳ᠋ᠡᠪᠬᠢᠲᠡᠢ ᠣᠷᠣᠯᠴᠠᠵᠤ᠂ ᠦᠨᠳ᠋ᠦᠰᠦᠲᠡᠨ ᠨᠦᠭᠦᠳ ᠦᠨ ᠣᠯᠠᠨ ᠲᠦ᠋ᠮᠡᠨ ᠢ ᠬᠥᠲᠥᠯᠥᠨ ᠵᠢ᠍ᠯᠣᠭᠣᠳᠴᠤ ᠪᠠᠢ᠌ᠭᠠᠳ ᠬᠠᠮᠲᠤᠪᠠᠷ ᠣᠷᠣᠰᠢ᠍ᠨ ᠰᠠᠭᠤᠬᠤ᠂ ᠬᠠᠮᠲᠤᠪᠠᠷ ᠰᠤᠷᠤᠯᠴᠠᠬᠤ᠂ ᠬᠠᠮᠲᠤᠪᠠᠷ ᠠᠵᠢ᠍ᠯᠯᠠᠬᠤ᠂ ᠬᠠᠮᠲᠤᠪᠠᠷ ᠵᠢ᠍ᠷᠭᠠᠬᠤ ᠨᠡᠢᠭᠡᠮ ᠦᠨ ᠠᠭᠤᠷ ᠠᠮᠢ᠍ᠰᠬᠤᠯ ᠢ ᠪᠤᠢ ᠪᠣᠯᠭᠠᠬᠤ ᠬᠡᠷᠡᠭ᠍ᠲᠡᠢ ᠭᠡᠵᠤ ᠴᠢᠬᠤᠯᠠᠴᠢᠯᠠᠪᠠ᠃(ᠳ᠋ᠠᠢ ᠰᠢᠶᠦ᠋ᠩ)

ᠡᠮᠦᠨᠡᠬᠢ᠄ ᠵᠠᠷᠤᠳ ᠬᠣᠰᠢ᠍ᠭᠤᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠲᠦ᠋ᠯᠦᠭᠡᠯᠡᠭ᠍ᠴᠢ᠍ᠳ ᠠᠷᠠᠳ ᠤᠯᠠᠨ ᠤ ᠰᠡᠳᠬᠢᠯ ᠤᠨ ᠲᠠᠭᠤᠨ ᠢ ᠲᠠᠮᠵᠢ᠍ᠭᠤᠯᠬᠤ ᠪᠠᠷ ᠶᠡᠬᠡ ᠬᠤᠷᠠᠯ ᠳ᠋ᠥ ᠨᠡᠷ᠎ᠠ ᠮᠡᠳ᠋ᠡᠬᠦᠯᠪᠡ
ᠳᠠᠷᠠᠭᠠᠬᠢ᠄ ᠵᠠᠷᠤᠤᠨ ᠬᠤᠰᠢᠭᠤᠨ ᠤ ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠲᠠᠪᠤᠳᠤᠭᠠᠷ ᠬᠤᠷᠠᠯᠳᠤᠭᠠᠨ ᠤ ᠪᠡᠯᠡᠳᠭᠡᠯ ᠬᠤᠷᠠᠯ ᠬᠤᠷᠠᠯᠳᠤᠭᠤᠯᠪᠠ