ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠠᠪᠤᠳ᠋ᠤᠭᠠᠷ ᠬᠤᠷᠠᠯ ᠦᠪᠡᠳ᠋ᠡᠭ᠍ᠰᠢ ᠶᠡᠬᠡ ᠪᠠᠷ ᠬᠤᠷᠠᠯᠳ᠋ᠤᠪᠠ




3 ᠰᠠᠷ᠎ᠠ ᠶᠢᠨ 10᠋ ᠤ ᠡᠳ᠋ᠦᠷ ᠦᠨ ᠦᠳ᠋ᠡ ᠶᠢᠨ ᠡᠮᠦᠨᠡᠬᠢ 8 ᠴᠠᠭ 30᠋ ᠲᠤ᠂ ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠠᠪᠤᠳ᠋ᠤᠭᠠᠷ ᠬᠤᠷᠠᠯ ᠬᠣᠰᠢ᠍ᠭᠤᠨ ᠤ ᠰᠤᠶᠤᠯ ᠤᠬᠠᠭᠤᠯᠭ᠎ᠠ ᠶᠢᠨ ᠲᠦ᠋ᠪ ᠲᠤ ᠦᠪᠡᠳ᠋ᠡᠭ᠍ᠰᠢ ᠶᠡᠬᠡ ᠪᠠᠷ ᠬᠤᠷᠠᠯᠳ᠋ᠤᠪᠠ᠃

ᠬᠤᠰᠢ᠍ᠭᠤᠨ ᠤ ᠨᠠᠮ ᠤᠨ ᠬᠣᠷᠢ᠍ᠶᠠᠨ ᠤ ᠳᠡᠳ᠋ ᠱᠦ᠋ᠵᠢ᠂ ᠬᠣᠰᠢ᠍ᠭᠤᠨ ᠲᠠᠷᠤᠭ᠎ᠠ ᠡᠷᠳ᠋ᠡᠨᠢᠬᠦᠦ 《ᠵᠠᠰᠠᠭ ᠤᠨ ᠣᠷᠳ᠋ᠣᠨ ᠤ ᠠᠵᠢ᠍ᠯ ᠤᠨ ᠢᠯᠡᠳᠬᠡᠯ》 ᠬᠢᠪᠡ᠃









ᠪᠦᠬᠦ ᠬᠣᠰᠢ᠍ᠭᠤᠨ ᠤ ᠠᠷᠠᠳ ᠲᠦ᠋ᠮᠡᠨ ᠤ ᠴᠢ᠍ᠩ ᠰᠡᠳᠬᠢᠯ ᠦᠨ ᠬᠦᠰᠡᠯ ᠨᠠᠢᠢᠳ᠋ᠠᠯᠭᠠ ᠵᠢ ᠡᠭᠦᠷᠭᠡᠯᠡᠵᠦ᠂ ᠡᠯ᠎ᠠ ᠹᠷᠣᠨᠲ ᠡᠴᠠ ᠢᠷᠡᠭ᠍ᠰᠡᠨ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠥᠯᠥᠭᠡᠯᠡᠭ᠍ᠴᠢ᠍ᠳ ᠴᠤᠭ ᠪᠠᠳ᠋ᠠᠷᠠᠩᠭ᠋ᠤᠢ ᠤᠶᠤᠨ ᠰᠠᠨᠠᠭᠠᠨ ᠤ ᠳᠦ᠋ᠷᠰᠦ ᠪᠠᠢᠳᠠᠯ ᠪᠣᠯᠤᠨ ᠲᠤᠰᠢ᠍ᠶᠠᠯ ᠪᠠᠨ ᠭᠦᠢ᠍ᠴᠡᠳᠬᠡᠬᠦ ᠣᠷᠭᠢᠯᠤᠮ᠎ᠠ ᠬᠠᠯᠠᠭᠤᠨ ᠰᠡᠳᠬᠢᠯᠭᠡ ᠪᠠᠷ ᠬᠤᠷᠠᠯ ᠤᠨ ᠲᠠᠯᠠᠪᠠᠢ ᠳᠤ ᠠᠯᠬᠤᠨ ᠣᠷᠣᠵᠤ᠂ ᠦᠨᠳ᠋ᠦᠰᠦᠨ ᠬᠠᠤᠯᠢ ᠪᠣᠯᠤᠨ ᠬᠠᠤᠯᠢ ᠴᠠᠭᠠᠵᠠ ᠡᠴᠠ ᠣᠯᠭᠣᠭᠰᠠᠨ ᠠᠷᠢ᠍ᠭᠤᠨ ᠲᠠᠷᠬᠠᠨ ᠲᠤᠰᠢ᠍ᠶᠠᠯ ᠬᠠᠷᠢ᠍ᠭᠤᠴᠠᠯᠭ᠎ᠠ ᠪᠠᠨ ᠨᠠᠷᠢ᠍ᠨ ᠬᠢᠨᠠᠮᠠᠭᠠᠢ ᠭᠦᠢ᠍ᠴᠡᠳᠬᠡᠵᠦ᠂ ᠦᠵᠡᠰᠬᠦᠯᠡᠩᠲᠦ ᠰᠠᠢᠬᠠᠨ ᠪᠠᠶᠠᠨ ᠬᠦᠴᠦᠷᠬᠡᠭ᠌ ᠵᠠᠷᠤᠳ ᠶᠢᠠᠨ ᠪᠦᠲᠦᠭᠡᠨ ᠪᠠᠢ᠌ᠭᠤᠯᠬᠤ ᠪᠠ《ᠠᠷᠪᠠᠨ ᠳᠥᠷᠪᠡᠳ᠋ᠦᠭᠡᠷ ᠲᠠᠪᠤᠨ ᠵᠢ᠍ᠯ》᠋ ᠤᠨ ᠭᠡᠷᠡᠯ ᠰᠠᠴᠤᠷᠠᠩᠭ᠋ᠤᠢ ᠰᠢ᠍ᠨ᠎ᠠ ᠬᠠᠭᠤᠳ᠋ᠠᠰᠤ ᠵᠢ ᠪᠢᠴᠢᠭ᠍ᠯᠡᠬᠦ ᠶᠢᠨ ᠲᠥᠯᠥᠭᠡ᠂ ᠬᠥᠭ᠍ᠵᠢ᠍ᠯᠲᠡ ᠶᠢᠨ ᠰᠠᠢᠨ ᠰᠠᠢᠬᠠᠨ ᠠᠷᠭ᠎ᠠ ᠪᠤᠳ᠋ᠤᠯᠭ᠎ᠠ ᠵᠢ ᠬᠠᠮᠲᠤ ᠪᠠᠷ ᠰᠦ᠋ᠪᠡᠭ᠍ᠴᠢ᠍ᠯᠡᠵᠡᠭᠡᠪᠡ᠃(ᠳ᠋ᠠᠢ ᠰᠢᠶᠦ᠋ᠩ)