ᠤᠳᠤ ᠶᠢᠨ ᠪᠠᠢ᠌ᠷᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ → ᠵᠠᠷᠤᠳ ᠬᠤᠰᠢ᠍ᠭᠤᠨ ᠤ ᠠᠷᠪᠠᠨ ᠵᠢᠷᠭᠤᠳ᠋ᠤᠭᠠᠷ᠁
ᠵᠠᠷᠤᠳ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠬᠡ ᠬᠤᠷᠠᠯ ᠤᠨ ᠲᠠᠪᠤᠳ᠋ᠤᠭᠠᠷ ᠬᠤᠷᠠᠯᠳ᠋ᠤᠭᠠᠨ ᠤ ᠭᠣᠷᠪᠠᠳ᠋ᠣᠭᠠᠷ ᠪᠦᠭᠦᠳ᠋ᠡ ᠬᠤᠷᠠᠯ ᠬᠤᠷᠠᠯᠳ᠋ᠤᠭᠤᠯᠪᠠ


       3 ᠰᠠᠷ᠎ᠠ ᠶᠢᠨ 11᠋ ᠤ ᠦᠳ᠋ᠡ ᠶᠢᠨ ᠬᠤᠢ᠌ᠨ᠎ᠠ᠂ ᠵᠠᠷᠤᠳ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠬᠡ ᠬᠤᠷᠠᠯ ᠤᠨ ᠲᠠᠪᠤᠳ᠋ᠤᠭᠠᠷ ᠬᠤᠷᠠᠯᠳ᠋ᠤᠭᠠᠨ ᠤ ᠭᠣᠷᠪᠠᠳ᠋ᠣᠭᠠᠷ ᠪᠦᠭᠦᠳ᠋ᠡ ᠬᠤᠷᠠᠯ ᠬᠤᠷᠠᠯᠳ᠋ᠤᠭᠤᠯᠪᠠ᠃

        
             ᠶᠡᠬᠡ ᠬᠤᠷᠠᠯ ᠤᠨ ᠲᠡᠷᠢ᠍ᠭᠦᠯᠡᠭ᠍ᠴᠢ ᠪᠠᠢ ᠯᠢ ᠵᠦ᠂ ᠡᠷᠳ᠋ᠡᠨᠢᠬᠦᠦ᠂ ᠴᠸᠩ ᠫᠧᠩ ᠭᠠᠩ᠂ ᠡᠦ ᠴᠢ᠍ᠩ ᠬᠠᠢ᠂ ᠵᠠᠩ ᠬᠠᠨ ᠰᠦ᠋ᠩ᠂ ᠡᠦ ᠰᠢ᠍ᠶᠤᠤ᠂ ᠪᠤᠦ ᠵᠢᠨ ᠮᠢ᠍ᠩ᠂ ᠪᠦᠬᠡᠪᠠᠶᠠᠷ᠂ ᠼᠦᠢ ᠯᠸᠢ ᠯᠸᠢ᠂ ᠯᠢ ᠵᠢᠩ ᠬᠤᠸᠠ᠂ ᠲᠤᠷᠵᠢ᠂ ᠰᠡᠴᠡᠨᠪᠠᠳ᠋ᠦ᠂ ᠫᠡᠨ ᠰᠢ᠍ᠶᠤᠤ ᠶᠢ᠍ᠩ᠃

        
            ᠪᠠᠢ ᠯᠢ ᠵᠦ᠂ ᠡᠷᠳ᠋ᠡᠨᠢᠬᠦᠦ᠂ ᠴᠸᠩ ᠫᠧᠩ ᠭᠠᠩ᠂ ᠡᠦ ᠴᠢ᠍ᠩ ᠬᠠᠢ᠂ ᠰᠦ᠋ᠨ ᠷᠦ᠋ ᠴᠢ᠍ᠦ᠂ ᠪᠥ᠋ ᠮᠤᠤ ᠰᠢ᠍ᠶᠠᠩ᠂ ᠦᠷᠡᠪᠠᠳ᠋ᠦ᠂ ᠰᠦ᠋ᠩ ᠯᠢ᠍ᠶᠠᠨ ᠡᠾᠦ᠋ᠢ ᠲᠡᠷᠢ᠍ᠭᠦᠯᠡᠭ᠍ᠴᠢ ᠶᠢᠨ ᠲᠠᠢ᠌ᠰᠡᠨ ᠦ ᠡᠮᠦᠨ᠎ᠠ ᠮᠦ᠋ᠷ ᠲᠤ ᠰᠠᠭᠤᠪᠠ᠃ ᠶᠡᠬᠡ ᠬᠤᠷᠠᠯ ᠤᠨ ᠲᠡᠷᠢ᠍ᠭᠦᠯᠡᠭ᠍ᠴᠢ ᠶᠢᠨ ᠪᠦᠯᠬᠦᠮ ᠦᠨ ᠪᠦᠷᠢ᠍ᠯᠳ᠋ᠦᠭᠦᠨ ᠭᠡᠰᠢ᠍ᠭᠦᠨ ᠲᠠᠷᠢ᠍ᠭᠦᠯᠡᠭ᠍ᠴᠢ ᠶᠢᠨ ᠲᠠᠢ᠌ᠰᠡᠨ ᠳᠤ ᠰᠠᠭᠤᠪᠠ᠃ ᠪᠠᠢ ᠯᠢ ᠵᠦ ᠬᠤᠷᠠᠯ ᠡᠷᠬᠢᠯᠡᠪᠡ᠃

        
              ᠬᠤᠷᠠᠯ ᠳᠤ ᠤᠷᠤᠯᠴᠠᠬᠤ ᠲᠦ᠋ᠯᠦᠭᠡᠯᠡᠭ᠍ᠴᠢ 179 ᠬᠦᠮᠦᠨ᠂ ᠪᠤᠳ᠋ᠠᠳ᠋ᠠᠢ ᠤᠷᠤᠯᠴᠠᠭᠰᠠᠨ ᠨᠢ 165 ᠬᠦᠮᠦᠨ᠂ ᠬᠠᠦᠯᠢ ᠳᠦ ᠲᠤᠭᠲᠠᠭᠰᠠᠨ ᠲᠤᠭᠠᠨ ᠳᠤ ᠨᠡᠢᠴᠡᠨ᠎ᠡ᠎᠎᠎᠎᠎᠎᠎᠎᠎᠎᠎᠎᠎᠃
ᠶᠡᠬᠡ ᠬᠤᠷᠠᠯ ᠤᠨ ᠰᠤᠩᠭ᠋ᠤᠭᠤᠯᠢ ᠶᠢᠨ ᠠᠷᠭ᠎ᠠ᠂ ᠶᠡᠷᠦᠩᠬᠡᠢ ᠪᠢᠯᠸᠲ ᠬᠢᠨᠠᠭᠴᠢ᠂ ᠪᠢᠯᠸᠲ ᠬᠢᠨᠠᠭᠴᠢ ᠶᠢᠨ ᠨᠡᠷᠡᠰ ᠪᠠ ᠠᠷᠠᠳ ᠤᠨ ᠠᠮᠢ᠍ᠳ᠋ᠤᠷᠠᠯ ᠤᠨ ᠪᠤᠳ᠋ᠠᠳ᠋ᠤ ᠲᠦ᠋ᠷᠦᠯ ᠵᠦ᠋ᠢ᠍ᠯ ᠢ ᠠᠷᠠᠳ ᠤᠨ ᠲᠦ᠋ᠯᠦᠭᠡᠯᠡᠭ᠍ᠴᠢ ᠪᠢᠯᠸᠲ ᠥᠭᠴᠦ ᠪᠠᠳ᠋ᠤᠯᠠᠬᠤ ᠠᠷᠭ᠎ᠠ ᠶᠢ ᠬᠢᠨᠠᠨ ᠵᠦᠪᠯᠡᠵᠦ ᠪᠠᠳ᠋ᠤᠯᠠᠪᠠ᠃ ᠬᠤᠷᠠᠯ ᠲᠡᠭᠡᠷ᠎ᠡ ᠪᠢᠯᠸᠲ ᠶᠢᠠᠷ ᠪᠠᠳ᠋ᠤᠯᠠᠬᠤ ᠪᠠᠷ ᠲᠠᠮᠵᠢ᠍ᠨ ᠬᠤᠳ᠋ᠠ ᠪᠠᠯᠭᠠᠰᠤᠨ ᠤ ᠪᠠᠳ᠋ᠤᠯᠭᠠᠳ᠋ᠤ ᠴᠢ᠍ᠨᠠᠷ ᠲᠡᠶ ᠠᠮᠤᠭᠤᠯᠠᠠᠩ ᠰᠠᠭᠤᠴᠠ ᠶᠢᠨ ᠢᠨᠵᠸᠨ᠋ᠸᠷᠢᠩ᠂ ᠯᠦ᠋ᠪᠸᠢ ᠪᠠᠯᠭᠠᠰᠤᠨ ᠤ ᠢᠯᠴᠢ ᠬᠠᠩᠭ᠋ᠠᠬᠤ ᠲᠤᠤᠷ ᠬᠤᠭᠤᠯᠠᠢ ᠶᠢᠨ ᠦᠭᠡᠷᠡᠴᠢ᠍ᠯᠡᠯᠳ᠋ᠡ ᠶᠢᠨ ᠢᠨᠵᠸᠨ᠋ᠸᠷᠢᠩ᠂ ᠯᠦ᠋ᠪᠸᠢ ᠭᠣᠣᠯ ᠤᠨ ᠭᠣᠣᠯ ᠤᠨ ᠬᠠᠰᠢᠯᠭ᠎ᠠ ᠵᠢ ᠵᠠᠰᠠᠬᠤ ᠢᠨᠵᠸᠨ᠋ᠸᠷᠢᠩ᠂ ᠠᠵᠢ᠍ᠯ ᠤᠯᠭᠤᠬᠤ ᠶᠢ ᠲᠤᠭᠲᠠᠪᠤᠷᠢ᠍ᠵᠢ᠍ᠭᠤᠯᠵᠤ ᠠᠷᠠᠳ ᠤᠨ ᠤᠷᠤᠯᠭ᠎ᠠ ᠶᠢ ᠨᠡᠮᠡᠭ᠍ᠳ᠋ᠡᠭᠦᠯᠬᠦ ᠢᠨᠵᠸᠨ᠋ᠸᠷᠢᠩ᠂ 《ᠤᠶᠤᠨ ᠤ ᠷᠠᠳᠢᠤ᠋ ᠲᠸᠯᠸᠢᠰ》ᠦᠷᠭᠡᠨ ᠪᠦᠰᠡᠲᠦ ᠲᠤᠤᠷ ᠰᠦᠯᠵᠢᠶ᠎ᠡ ᠵᠢ ᠪᠦᠷᠬᠦᠭᠦᠯᠬᠦ ᠵᠢᠴᠢ ᠦᠢ᠍ᠯᠡᠴᠢ᠍ᠯᠡᠯᠭᠡᠨ ᠦ ᠢᠨᠵᠸᠨ᠋ᠸᠷᠢᠩ ᠵᠡᠷᠭᠡ 2021 ᠣᠨ ᠤ 5 ᠵᠦᠢᠯ ᠤᠨ ᠠᠷᠠᠳ ᠤᠨ ᠠᠮᠢ᠍ᠳ᠋ᠤᠷᠠᠯ ᠤᠨ ᠪᠤᠳ᠋ᠠᠳ᠋ᠦ ᠲᠦ᠋ᠷᠦᠯ ᠵᠦ᠋ᠢ᠍ᠯ ᠢ ᠪᠠᠳ᠋ᠤᠯᠠᠪᠠ᠃

        
              ᠶᠡᠬᠡ ᠬᠤᠷᠠᠯ ᠳᠤ ᠨᠡᠷ᠎ᠠ ᠲᠡᠮᠳ᠋ᠡᠭᠯᠡᠬᠦ ᠦᠭᠡᠶ ᠪᠠᠷ ᠪᠢᠯᠸᠲ ᠦᠭᠬᠦ ᠠᠷᠭ᠎ᠠ ᠪᠠᠷ ᠡᠦ ᠴᠢ᠍ᠩ ᠬᠠᠢ ᠶᠢ ᠵᠠᠷᠤᠳ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠡᠷᠬᠢᠯᠡᠭ᠍ᠴᠢ ᠪᠠᠷ ᠰᠤᠩᠭ᠋ᠤᠵᠤ᠂ ᠰᠢ᠍ᠨ᠎ᠠ ᠪᠠᠷ ᠰᠤᠩᠭ᠋ᠤᠭᠳ᠋ᠠᠭᠰᠠᠨ ᠵᠠᠷᠤᠳ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠡᠷᠬᠢᠯᠡᠭ᠍ᠴᠢ ᠡᠦ ᠴᠢ᠍ᠩ ᠬᠠᠢ ᠦᠨᠳᠦᠰᠦᠨ ᠬᠠᠦᠯᠢ ᠳᠤ ᠲᠠᠩᠭ᠋ᠠᠷᠢ᠍ᠭᠯᠠᠪᠠ᠃(ᠯᠸᠢ ᠫᠠᠩ)


ᠡᠮᠦᠨᠡᠬᠢ᠄ ᠵᠠᠷᠤᠳ ᠬᠤᠰᠢ᠍ᠭᠤᠨ ᠤ ᠤᠳ᠋ᠤᠷᠢ᠍ᠳ᠋ᠤᠯᠭ᠎ᠠ ᠪᠠ ᠲᠦ᠋ᠯᠦᠭᠡᠯᠡᠭ᠍ᠴᠢ᠍ᠳ ᠬᠠᠮᠳ᠋ᠤᠪᠠᠷ ᠵᠠᠰᠠᠭ ᠤᠨ ᠤᠷᠳ᠋ᠤᠨ ᠤ ᠠᠵᠢ᠍ᠯ ᠤᠨ ᠢᠯᠡᠳᠭᠡᠯ ᠵᠢᠴᠢ ᠪᠤᠰᠤᠳ ᠮᠡᠳ᠋ᠡᠭᠦᠯᠦᠯᠳ᠋ᠡ ᠶᠢ ᠬᠢᠨᠠᠵᠤ ᠶᠠᠷᠢ᠍ᠯᠴᠠᠪᠠ
ᠳᠠᠷᠠᠭᠠᠬᠢ᠄ ᠵᠠᠷᠤᠳ ᠬᠤᠰᠢᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠬᠤᠷᠢᠨ ᠲᠤᠯᠤᠳ᠋ᠤᠭᠠᠷ ᠤᠳ᠋ᠠᠭᠠᠨ ᠤ ᠬᠤᠷᠠᠯ ᠬᠤᠷᠠᠯᠳ᠋ᠤᠪᠠ