ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢᠭᠤᠯᠭ᠎ᠠ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠲᠠᠢ᠌ᠴᠢ᠍ᠯᠠᠯᠳ᠋ᠠ ᠶᠢᠨ ᠬᠤᠷᠠᠯ ᠬᠤᠷᠠᠯᠳ᠋ᠤᠭᠤᠯᠪᠠ


3 ᠰᠠᠷ᠎ᠠ ᠶᠢᠨ16 ᠤ ᠡᠳ᠋ᠦᠷ᠂ ᠵᠠᠷᠤᠳ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠲᠠᠢ᠌ᠴᠢ᠍ᠯᠠᠯᠳ᠋ᠠ ᠶᠢᠨ ᠬᠤᠷᠠᠯ ᠬᠤᠷᠠᠯᠳ᠋ᠤᠭᠤᠯᠪᠠ᠃ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳᠤᠷᠢᠳᠬᠤ ᠲᠤᠭᠤᠢ᠌ᠯᠠᠩ ᠤᠨ ᠱᠦ᠋ᠵᠢ᠂ ᠡᠷᠬᠢᠯᠡᠭ᠍ᠴᠢ ᠡᠦ ᠴᠢ᠍ᠩ ᠬᠠᠢ ᠬᠣᠷᠠᠯ ᠳᠤ ᠤᠷᠤᠯᠴᠠᠨ ᠲᠠᠢ᠌ᠴᠢ᠍ᠯᠠᠯᠳ᠋ᠠ ᠶᠢᠨ ᠶᠠᠷᠢ᠍ᠶ᠎ᠠ ᠬᠢᠵᠦ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠲᠡᠳ᠋ ᠡᠷᠬᠢᠯᠡᠭ᠍ᠴᠢ ᠡᠦ ᠰᠢ᠍ᠶᠤᠤ ᠬᠤᠷᠠᠯ ᠡᠷᠬᠢᠯᠡᠵᠦ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠲᠡᠳ᠋ ᠡᠷᠬᠢᠯᠡᠭ᠍ᠴᠢ ᠰᠦ᠋ᠩ ᠯᠢ᠍ᠶᠠᠨ ᠡᠾᠦ᠋ᠢ᠂ ᠨᠠᠷᠢ᠍ᠨ ᠪᠢᠴᠢ᠍ᠭ᠌ ᠤᠨ ᠲᠠᠷᠤᠭ᠎ᠠ ᠯᠢ ᠴᠸᠩ ᠭᠦᠸᠸ᠂ ᠪᠠᠢ᠌ᠭᠤᠯᠭ᠎ᠠ ᠶᠢᠨ ᠪᠦᠬᠦ ᠨᠠᠮ ᠤᠨ ᠭᠡᠰᠢ᠍ᠭᠦᠨ ᠺᠠᠳ᠋ᠷᠴᠤᠳ ᠬᠤᠷᠠᠯ ᠳᠤ ᠤᠷᠤᠯᠴᠠᠪᠠ᠃


ᠬᠤᠷᠠᠯ ᠲᠡᠭᠡᠷ᠎ᠠ᠂ ᠶᠡᠷᠦᠩᠬᠡᠢ ᠱᠦ᠋ᠵᠢ ᠰᠢ ᠵᠢᠨ ᠫᠢᠩ ᠤᠨ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠲᠠᠢ᠌ᠴᠢ᠍ᠯᠠᠯᠳ᠋ᠠ ᠶᠢᠨ ᠶᠡᠬᠡ ᠬᠤᠷᠠᠯ ᠤᠨ ᠵᠤᠷᠢ᠍ᠭ ᠰᠠᠨᠠᠭ᠎ᠠ ᠪᠠ ᠠᠷᠪᠠᠨ ᠭᠤᠷᠪᠠᠳ᠋ᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠲᠦ᠋ᠷᠪᠡᠳ᠋ᠦᠭᠡᠷ ᠤᠳ᠋ᠠᠭᠠᠨ ᠤ ᠬᠤᠷᠠᠯ ᠤᠨ ᠦᠪᠦᠷ ᠮᠤᠩᠭ᠋ᠤᠯ ᠤᠨ ᠲᠦ᠋ᠯᠦᠭᠡᠯᠡᠭ᠍ᠴᠢ᠍ᠳ ᠤᠨ ᠪᠦᠯᠬᠦᠮ ᠤᠨ ᠬᠢᠨᠠᠨ ᠵᠦ᠋ᠪᠯᠡᠬᠦ ᠳᠤ ᠶᠠᠷᠢ᠍ᠭᠰᠠᠨ ᠵᠤᠷᠢ᠍ᠭ ᠰᠠᠨᠠᠭ᠎ᠠ᠂ ᠬᠤᠰᠢ᠍ᠭᠤᠨ ᠤ ᠨᠠᠮ ᠤᠨ ᠬᠤᠷᠢ᠍ᠶᠠᠨ ᠤ ᠱᠦ᠋ᠵᠢ ᠪᠠᠢ ᠯᠢ ᠵᠦ ᠶᠢᠨ ᠪᠦᠬᠦ ᠬᠤᠰᠢ᠍ᠭᠤᠨ ᠤ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠲᠠᠢ᠌ᠴᠢ᠍ᠯᠠᠯᠳ᠋ᠠ ᠶᠢᠨ ᠬᠤᠷᠠᠯ ᠤᠨ ᠵᠤᠷᠢ᠍ᠭ ᠰᠠᠨᠠᠭ᠎ᠠ ᠶᠢ ᠤᠯᠠᠮᠵᠢ᠍ᠯᠠᠨ ᠰᠤᠷᠤᠯᠴᠠᠵᠤ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳᠤᠷᠢᠳᠬᠤ ᠲᠤᠭᠤᠢ᠌ᠯᠠᠩ ᠤᠨ ᠱᠦ᠋ᠵᠢ᠂ ᠡᠷᠬᠢᠯᠡᠭ᠍ᠴᠢ ᠡᠦ ᠴᠢ᠍ᠩ ᠬᠠᠢ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠵᠢᠴᠢ ᠪᠠᠢ᠌ᠭᠤᠯᠭ᠎ᠠ ᠶᠢᠨ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠦᠷᠨᠢᠭᠦᠯᠬᠦ ᠶᠢ ᠲᠠᠢ᠌ᠴᠢ᠍ᠯᠠᠨ ᠪᠠᠢᠷᠢᠯᠠᠭᠤᠯᠪᠠ᠃

ᠡᠦ ᠴᠢ᠍ᠩ ᠬᠠᠢ ᠱᠠᠭᠠᠷᠳ᠋ᠠᠭᠰᠠᠨ ᠨᠢ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠵᠢᠴᠢ ᠪᠠᠢ᠌ᠭᠤᠯᠭ᠎ᠠ ᠶᠢᠨ ᠪᠦᠬᠦ ᠨᠠᠮ ᠤᠨ ᠭᠡᠰᠢ᠍ᠭᠦᠨ ᠺᠠᠳ᠋ᠷᠴᠤᠳ ᠤᠯᠤᠰ ᠲᠦ᠋ᠷᠦ ᠶᠢᠨ ᠵᠤᠭᠰᠤᠴᠠ ᠪᠠᠨ ᠲᠡᠭᠡᠭ᠍ᠰᠢ᠍ᠯᠡᠭᠦᠯᠵᠦ᠂ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠴᠢ᠍ᠬᠤᠯᠠ ᠠᠴᠢ ᠬᠤᠯᠪᠤᠭᠳ᠋ᠠᠯ᠂ ᠴᠢ᠍ᠬᠤᠯᠠ ᠡᠭᠦᠷᠭᠡ ᠪᠠ ᠬᠠᠷᠠᠯᠳ᠋ᠠ ᠶᠢᠨ ᠱᠠᠭᠠᠷᠳ᠋ᠠᠯᠭ᠎ᠠ ᠶᠢ ᠭᠦᠨᠵᠡᠭᠡᠢ ᠲᠠᠨᠢ᠍ᠨ᠂ ᠦᠵᠡᠯ ᠰᠠᠨᠠᠭ᠎ᠠ ᠶᠢ ᠤᠬᠠᠵᠤ᠂ ᠪᠤᠳ᠋ᠠᠳ᠋ᠤ ᠶᠠᠪᠤᠳ᠋ᠠᠯ ᠬᠢᠵᠦ᠂ ᠰᠢ᠍ᠨ᠎ᠠ ᠪᠠᠢ᠌ᠳ᠋ᠠᠯ ᠢ ᠡᠬᠢᠯᠡᠭᠦᠯᠤᠨ᠂ ᠤᠯᠤᠰ ᠲᠦ᠋ᠷᠦ ᠶᠢᠨ ᠮᠠᠭᠠᠳᠯᠠᠬᠤ ᠴᠢ᠍ᠳ᠋ᠠᠪᠤᠷᠢ᠂ ᠤᠯᠤᠰ ᠲᠦ᠋ᠷᠦ ᠶᠢᠨ ᠤᠢ᠌ᠯᠠᠭᠠᠬᠤ ᠴᠢ᠍ᠳ᠋ᠠᠪᠤᠷᠢ᠂ ᠤᠯᠤᠰ ᠲᠦ᠋ᠷᠦ ᠶᠢᠨ ᠭᠦᠢ᠍ᠴᠡᠳᠭᠡᠬᠦ ᠴᠢ᠍ᠳ᠋ᠠᠪᠤᠷᠢ ᠪᠠᠨ ᠲᠠᠰᠤᠷᠠᠯᠳᠠ ᠦᠭᠡᠢ ᠲᠡᠭᠡᠭᠰᠢᠯᠡᠭᠦᠯᠬᠦ ᠬᠡᠷᠡᠭᠲᠠᠢ᠃ ᠨᠠᠮ ᠤᠨ ᠲᠦ᠋ᠪ ᠬᠤᠷᠢ᠍ᠶ᠎ᠠ ᠪᠠ ᠦᠪᠡᠷᠳ᠋ᠡᠭᠡᠨ ᠵᠠᠰᠠᠬᠤ ᠤᠷᠤᠨ᠂ ᠬᠤᠳ᠋ᠠ ᠶᠢᠨ ᠨᠠᠮ ᠤᠨ ᠬᠤᠷᠢ᠍ᠶ᠎ᠠ᠂ ᠬᠤᠰᠢ᠍ᠭᠤᠨ ᠤ ᠨᠠᠮ ᠤᠨ ᠬᠤᠷᠢ᠍ᠶ᠎ᠠ ᠶᠢᠨ ᠪᠠᠢ᠌ᠷᠢ᠍ᠯᠠᠭᠤᠯᠤᠯᠳ᠋ᠠ ᠶᠢᠨ ᠱᠠᠭᠠᠷᠳ᠋ᠠᠯᠭ᠎ᠠ ᠪᠠᠷ᠂ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠪᠠ 《 ᠤᠭ ᠰᠠᠨᠠᠭ᠎ᠠ ᠪᠠᠨ ᠦᠯᠦ ᠮᠠᠷᠳ᠋ᠠᠨ᠂ ᠡᠭᠦᠷᠭᠡ ᠬᠠᠷᠢ᠍ᠭᠤᠴᠠᠯᠭ᠎ᠠ ᠪᠠᠨ ᠪᠠᠳ᠋ᠤ ᠴᠢ᠍ᠭᠡᠵᠢ᠍ᠯᠡᠬᠦ》ᠭᠤᠤᠯ ᠰᠡᠳ᠋ᠦᠪᠳ᠋ᠦ ᠬᠦᠮᠦᠵᠢ᠍ᠯ ᠤᠨ ᠦᠷ᠎ᠠ ᠪᠦᠳ᠋ᠦᠮᠵᠢ ᠲᠡᠶ ᠤᠶᠠᠯᠳ᠋ᠤᠭᠤᠯᠤᠨ ᠪᠡᠬᠡᠵᠢᠭᠦᠯᠵᠦ᠂ 《 ᠠᠷᠪᠠᠨ ᠲᠦ᠋ᠷᠪᠡᠳ᠋ᠦᠭᠡᠷ ᠲᠠᠪᠤᠨ ᠵᠢᠯ》 ᠤᠨ ᠡᠬᠢᠯᠡᠯᠳ᠋ᠡ ᠶᠢᠨ ᠵᠢᠯ ᠤᠨ ᠡᠯ᠎ᠠ ᠲᠦ᠋ᠷᠦᠯ ᠤᠨ ᠴᠢ᠍ᠬᠤᠯᠠ ᠡᠭᠦᠷᠭᠡ ᠶᠢ ᠨᠠᠢ᠌ᠳ᠋ᠠᠪᠤᠷᠢ᠍ᠵᠢ᠍ᠭᠤᠯᠤᠨ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠠᠵᠢ᠍ᠯ ᠤᠨ ᠡᠭᠦᠷᠭᠡ ᠶᠢ ᠪᠡᠶᠡᠯᠡᠭᠦᠯᠬᠦ ᠲᠡᠶ ᠤᠶᠠᠯᠳ᠋ᠤᠭᠤᠯᠵᠤ᠂ ᠰᠢ᠍ᠯᠢ᠍ᠳ᠋ᠡᠭ᠌ ᠠᠮᠵᠢ᠍ᠯᠳ᠋ᠡ ᠪᠦᠳ᠋ᠦᠮᠵᠢ ᠪᠠᠷ ᠨᠠᠮ ᠪᠠᠢ᠌ᠭᠤᠯᠤᠭᠳ᠋ᠠᠭᠰᠠᠨ ᠵᠠᠭᠤᠨ ᠵᠢᠯ ᠤᠨ ᠤᠢ ᠶᠢ ᠪᠡᠯᠡᠭᠯᠡᠶ᠎ᠡ ᠭᠡᠵᠠᠢ᠃(ᠯᠸᠢ ᠫᠠᠩ)