ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠡᠷᠬᠢᠯᠡᠭ᠍ᠴᠢ ᠡᠦ ᠴᠢ᠍ᠩ ᠬᠠᠢ ᠦᠨᠳ᠋ᠦᠰᠦᠨ ᠱᠠᠳ᠋ᠤᠨ ᠤ ᠠᠵᠢ᠍ᠯ ᠢ ᠪᠠᠢ᠌ᠴᠠᠭᠠᠪᠠ

3 ᠰᠠᠷ᠎ᠠ ᠶᠢᠨ 29 ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠡᠷᠬᠢᠯᠡᠭ᠍ᠴᠢ ᠡᠦ ᠴᠢ᠍ᠩ ᠬᠠᠢ ᠦᠷᠭᠡᠨᠳ᠋ᠠᠯᠠ ᠲᠠᠷᠢ᠍ᠶᠠᠯᠠᠩ ᠤᠨ ᠲᠠᠯᠠᠪᠠᠢ᠂ ᠪᠠᠶᠠᠷᠳ᠋ᠤᠬᠤᠰᠢ᠍ᠭᠤ ᠪᠠᠯᠭᠠᠰᠤᠨ ᠳᠤ ᠬᠦᠷᠴᠤ᠂ ᠶᠠᠳ᠋ᠠᠭᠤ ᠡᠴᠡ ᠠᠩᠭᠢᠵᠢ᠍ᠷᠠᠭᠤᠯᠬᠤ ᠪᠤᠭᠤᠮᠳ᠋ᠠ ᠰᠢ᠍ᠪᠳ᠋ᠤᠯᠬᠤ᠂ ᠬᠦᠳ᠋ᠡᠭᠡ ᠲᠤᠰᠬᠤᠨ ᠢ ᠬᠦᠭ᠍ᠵᠢ᠍ᠬᠦᠯᠦᠨ ᠮᠠᠨᠳ᠋ᠤᠭᠤᠯᠬᠤ᠂ ᠤᠷᠤᠰᠢ᠍ᠨ ᠰᠠᠭᠤᠷᠢ᠍ᠰᠢ᠍ᠬᠤ ᠤᠷᠴᠢ᠍ᠨ ᠲᠤᠭᠤᠷᠢ᠍ᠨ ᠤ ᠵᠠᠰᠠᠯᠳ᠋ᠠ᠂ ᠤᠳ᠋ᠤ ᠦᠶ᠎ᠠ ᠶᠢᠨ ᠮᠠᠯ ᠠᠵᠤ ᠠᠬᠤᠢ ᠵᠡᠷᠭᠡ ᠤᠳ᠋ᠤᠬᠠᠨ ᠤ ᠭᠤᠤᠯᠳ᠋ᠠᠯᠭ᠎ᠠ ᠲᠡᠶ ᠠᠵᠢ᠍ᠯ ᠢ ᠪᠠᠢ᠌ᠴᠠᠭᠠᠪᠠ᠃

ᠡᠦ ᠴᠢ᠍ᠩ ᠬᠠᠢ ᠡᠴᠡ᠂ ᠦᠷᠭᠡᠨᠳ᠋ᠠᠯᠠ ᠲᠠᠷᠢ᠍ᠶᠠᠯᠠᠩ ᠤᠨ ᠲᠠᠯᠠᠪᠠᠢ ᠶᠢᠨ ᠲᠠᠷᠢ᠍ᠶᠠᠯᠠᠬᠤ ᠶᠢ ᠵᠤᠭᠰᠤᠭᠠᠵᠤ ᠤᠢ ᠰᠢ᠍ᠭᠤᠢ ᠶᠢ ᠰᠡᠷᠭᠦᠭᠡᠬᠦ᠂ ᠵᠤᠯᠵᠠᠭᠠᠨ ᠮᠤᠳ᠋ᠤ ᠶᠢᠨ ᠰᠠᠭᠤᠷᠢ᠍ᠨ ᠭᠠᠵᠠᠷ ᠪᠠ ᠬᠦᠳ᠋ᠡᠭᠡ ᠲᠤᠰᠬᠤᠨ ᠢ ᠬᠦᠭ᠍ᠵᠢ᠍ᠬᠦᠯᠦᠨ ᠮᠠᠨᠳ᠋ᠤᠭᠤᠯᠬᠤ ᠵᠡᠷᠭᠡ ᠪᠠᠢ᠌ᠳ᠋ᠠᠯ ᠢ ᠨᠠᠷᠢ᠍ᠨ ᠨᠢ᠍ᠭᠳ᠋ᠠ ᠤᠢ᠌ᠯᠠᠭᠠᠬᠤ ᠶᠢᠨ ᠬᠠᠮᠳ᠋ᠤ᠂ ᠶᠠᠳ᠋ᠠᠭᠤ ᠡᠴᠡ ᠠᠩᠭᠢᠵᠢ᠍ᠷᠠᠭᠤᠯᠬᠤ ᠪᠤᠭᠤᠮᠳ᠋ᠠ ᠰᠢ᠍ᠪᠳ᠋ᠤᠯᠬᠤ ᠦᠷ᠎ᠠ ᠪᠦᠳ᠋ᠦᠮᠵᠢ ᠶᠢ ᠤᠯᠠᠮ ᠨᠢ᠍ᠭᠡ ᠠᠯᠬᠤᠮ ᠪᠠᠳ᠋ᠤᠳᠬᠠᠵᠤ᠂ ᠶᠠᠳ᠋ᠠᠭᠤ ᠡᠴᠡ ᠠᠩᠭᠢᠵᠢ᠍ᠷᠠᠭᠤᠯᠬᠤ ᠪᠤᠭᠤᠮᠳ᠋ᠠ ᠰᠢ᠍ᠪᠳ᠋ᠤᠯᠬᠤ ᠪᠠ ᠬᠦᠳ᠋ᠡᠭᠡ ᠲᠤᠰᠬᠤᠨ ᠤ ᠬᠦᠭ᠍ᠵᠢ᠍ᠯᠳ᠋ᠡ ᠮᠠᠨᠳ᠋ᠤᠯᠳ᠋ᠠ ᠶᠢ ᠪᠦᠳ᠋ᠦᠮᠵᠢ᠍ᠲᠠᠢ ᠵᠤᠯᠭᠠᠭᠤᠯᠬᠤ ᠶᠢ ᠯᠠᠪᠳ᠋ᠠᠭᠤᠨ ᠪᠠᠳ᠋ᠤᠲᠠᠢ ᠠᠬᠢᠭᠤᠯᠤᠨ᠂ ᠤᠯᠤᠰ ᠤᠨ ᠦᠮᠴᠢ᠍ᠯᠡᠯᠳ᠋ᠦ ᠲᠠᠷᠢ᠍ᠶᠠᠯᠠᠩ ᠤᠨ ᠲᠠᠯᠠᠪᠠᠢ ᠶᠢᠨ ᠰᠠᠢ᠌ᠨ ᠰᠠᠢ᠌ᠬᠠᠨ ᠲᠡᠦᠬᠡ ᠶᠢᠨ ᠤᠯᠠᠮᠵᠢ᠍ᠯᠡᠯ ᠢ ᠭᠦᠢ᠍ᠴᠡᠳ ᠪᠠᠳ᠋ᠠᠷᠠᠭᠤᠯᠵᠤ᠂ ᠵᠠᠬ᠎ᠠ ᠲᠡᠯᠭᠡᠭᠦᠷ ᠢ ᠰᠠᠢ᠌ᠳ᠋ᠦᠷ ᠰᠤᠳ᠋ᠤᠯᠤᠨ᠂ ᠤᠯᠤᠰ ᠤᠨ ᠬᠦᠳ᠋ᠡᠭᠡ ᠲᠤᠰᠬᠤᠨ ᠢ ᠬᠦᠭ᠍ᠵᠢ᠍ᠬᠦᠯᠦᠨ ᠮᠠᠨᠳ᠋ᠤᠭᠤᠯᠬᠤ ᠬᠠᠮᠢ᠍ᠶ᠎ᠠ ᠪᠦᠬᠦᠢ ᠲᠦ᠋ᠷᠦ ᠶᠢᠨ ᠪᠤᠳ᠋ᠤᠯᠭ᠎ᠠ ᠶᠢ ᠰᠠᠢ᠌ᠳ᠋ᠤᠷ ᠤᠢ᠌ᠯᠠᠭᠠᠵᠤ᠂ ᠵᠠᠪᠰᠢ᠍ᠶᠠᠨ ᠢ ᠠᠳᠬᠤᠨ᠂ ᠰᠠᠢ᠌ᠳ᠋ᠤᠷ ᠪᠠᠢ᠌ᠴᠠᠭᠠᠨ ᠰᠤᠳ᠋ᠤᠯᠵᠤ᠂ ᠲᠤᠰ ᠭᠠᠵᠠᠷ ᠤᠷᠤᠨ ᠤ ᠪᠤᠳ᠋ᠠᠳ᠋ᠠᠢ ᠡᠴᠡ ᠡᠬᠦᠰᠤᠨ ᠲᠠᠷᠢ᠍ᠶᠠᠯᠠᠩ ᠤᠨ ᠲᠠᠯᠠᠪᠠᠢ ᠶᠢᠨ ᠠᠵᠢ᠍ᠯᠳ᠋ᠠᠨ ᠶᠢᠡᠨ ᠲᠠᠭᠠᠭᠤᠯᠵᠤ ᠲᠤᠤᠷ ᠰᠦ᠋ᠯᠵᠢ᠍ᠶ᠎ᠠ ᠶᠢ ᠠᠰᠢ᠍ᠭᠯᠠᠬᠤ ᠲᠡᠶ ᠤᠶᠠᠯᠳ᠋ᠤᠭᠤᠯᠤᠨ᠂ ᠤᠯᠠᠨ ᠵᠦ᠋ᠢ᠍ᠯ ᠤᠨ ᠡᠵᠡᠩᠨᠡᠯᠳ᠋ᠠ ᠶᠢᠨ ᠬᠡᠯᠪᠡᠷᠢ ᠪᠠ ᠤᠯᠠᠨ ᠡᠰᠢ᠍ᠵᠢ᠍ᠭᠦᠯᠦᠯᠳ᠋ᠡ ᠶᠢᠨ ᠵᠠᠮ ᠶᠢᠡᠷ ᠠᠵᠢ᠍ᠯᠳ᠋ᠠᠨ ᠤ ᠤᠷᠤᠯᠭ᠎ᠠ ᠶᠢᠨ ᠢᠷᠡᠯᠳ᠋ᠡ ᠶᠢ ᠨᠡᠮᠡᠭ᠍ᠳ᠋ᠡᠭᠦᠯᠦᠨ ᠴᠢ᠍ᠨᠡᠭᠡᠯᠢ᠍ᠭ᠍ᠵᠢ᠍ᠬᠦ ᠵᠠᠮ ᠢ ᠤᠯᠠᠮ ᠦᠷᠭᠡᠨ ᠪᠤᠯᠭᠠᠬᠤ ᠶᠢ ᠪᠠᠳ᠋ᠤᠯᠬᠤ ᠬᠡᠷᠡᠭ᠍ᠲᠠᠢ ᠴᠢ᠍ᠬᠤᠯᠠᠴᠢ᠍ᠯᠠᠵᠠᠢ᠃


ᠡᠦ ᠴᠢ᠍ᠩ ᠬᠠᠢ ᠡᠴᠡ᠂ ᠪᠠᠶᠠᠷᠳ᠋ᠤᠬᠤᠰᠢ᠍ᠭᠤ ᠪᠠᠯᠭᠠᠰᠤᠨ ᠤ ᠲᠦ᠋ᠪᠰᠢ᠍ᠨ ᠭᠠᠴᠠᠭ᠎ᠠ ᠶᠢ ᠪᠠᠢ᠌ᠴᠠᠭᠠᠨ ᠰᠤᠳ᠋ᠤᠯᠬᠤ ᠳᠠᠭᠠᠨ᠂ ᠤᠢ᠌ᠷ᠎ᠠ ᠬᠠᠪᠢ ᠶᠢᠨ ᠭᠠᠵᠠᠷ ᠤᠷᠤᠨ ᠤ ᠠᠵᠤ ᠠᠬᠤᠢ ᠶᠢᠨ ᠬᠦᠭ᠍ᠵᠢ᠍ᠯᠳ᠋ᠡ ᠶᠢᠨ ᠲᠠᠪᠰᠢ᠍ᠭᠰᠡᠨ ᠠᠷᠭ᠎ᠠ ᠬᠢᠳ᠋ᠡᠯ ᠪᠠ ᠵᠢᠱᠢ᠍ᠶᠡᠴᠢ ᠲᠤᠷᠰᠢ᠍ᠯᠭ᠎ᠠ ᠶᠢ ᠰᠤᠯᠢ᠍ᠯᠴᠠᠨ ᠰᠤᠷᠤᠯᠴᠠᠬᠤ ᠪᠠᠨ ᠴᠢ᠍ᠩᠭ᠋ᠠᠳᠬᠠᠵᠤ᠂ ᠰᠤᠳ᠋ᠤᠨ ᠪᠦᠳ᠋ᠤᠭᠡᠯ ᠡᠴᠡ ᠰᠤᠷᠤᠯᠴᠠᠠ᠂ ᠬᠠᠷᠠᠭ᠎ᠠ ᠪᠠᠨ ᠦᠷᠭᠡᠳᠭᠡᠵᠤ᠂ ᠲᠤᠭᠳ᠋ᠠᠮᠠᠯ ᠤᠯᠠᠮᠵᠢ᠍ᠯᠠᠯᠳ᠋ᠤ ᠬᠦᠭ᠍ᠵᠢ᠍ᠯᠳ᠋ᠡ ᠶᠢᠨ ᠰᠡᠳᠭᠢᠬᠦᠢ ᠪᠠᠨ ᠬᠤᠪᠢᠷᠠᠭᠤᠯᠤᠨ᠂ ᠭᠠᠴᠠᠭᠠᠨ ᠤ ᠪᠠᠨ ᠭᠠᠵᠠᠷ ᠵᠦ᠋ᠢ ᠶᠢᠨ ᠲᠠᠪᠠᠭᠤᠯᠢ᠍ᠭ ᠪᠠᠢ᠌ᠷᠢ᠍ᠰᠢ᠍ᠯ᠂ ᠲᠡᠦᠬᠡ ᠰᠤᠶᠤᠯ ᠤᠨ ᠠᠭᠤᠯᠤᠭᠳ᠋ᠠᠬᠤᠨ ᠭᠦᠨ ᠵᠤᠵᠠᠭᠠᠨ ᠪᠤᠳ᠋ᠠᠳ᠋ᠤ ᠪᠠᠢ᠌ᠳ᠋ᠠᠯ ᠡᠴᠡ ᠡᠭᠦᠰᠦᠨ᠂ ᠦᠪᠡᠷᠮᠢ᠍ᠴᠨ ᠤᠨᠴᠠᠯᠢ᠍ᠭ ᠪᠦᠬᠦᠢ ᠪᠠᠢ᠌ᠭᠠᠯᠢ ᠶᠢᠨ ᠡᠬᠢ ᠪᠠᠶᠠᠯᠢ᠍ᠭ ᠪᠠ ᠦᠨᠳ᠋ᠦᠰᠦᠳ᠋ᠡᠨ ᠤ ᠰᠤᠶᠤᠯ ᠤᠨ ᠡᠬᠢ ᠪᠠᠶᠠᠯᠢ᠍ᠭ ᠶᠢᠡᠨ ᠭᠦᠢ᠍ᠴᠡᠳ ᠠᠰᠢ᠍ᠭᠯᠠᠨ ᠰᠤᠶᠤᠯ ᠵᠢᠭᠤᠯᠴᠢ᠍ᠯᠠᠯ ᠢ ᠠᠭᠤᠰᠤᠯᠴᠠᠭᠤᠯᠤᠨ ᠬᠦᠭ᠍ᠵᠢ᠍ᠬᠦᠯᠬᠦ ᠬᠦᠳ᠋ᠡᠭᠡ ᠲᠤᠰᠬᠤᠨ ᠤ ᠵᠠᠩ ᠤᠢ᠌ᠯᠨ ᠶᠢᠨ ᠵᠢᠭᠤᠴᠢ᠍ᠯᠠᠯ ᠤᠨ ᠠᠵᠤ ᠠᠬᠤᠢ ᠶᠢ ᠠᠬᠢᠭᠤᠯᠵᠤ᠂ ᠤᠨᠴᠠᠭᠠᠢ᠌ᠯᠠᠨ ᠲᠠᠯ᠎ᠠ ᠨᠤᠳ᠋ᠤᠭ ᠤᠨ ᠵᠢᠭᠤᠯᠴᠢᠯᠡᠯ᠂ ᠠᠷᠠᠳ ᠤᠨ ᠵᠠᠩ ᠤᠢ᠌ᠯᠨ ᠶᠢᠨ ᠰᠤᠶᠤᠯ ᠤᠨ ᠵᠢᠭᠤᠯᠴᠢ᠍ᠯᠠᠯ᠂ ᠮᠠᠯᠴᠢ᠍ᠨ ᠠᠢ᠌ᠯ ᠤᠨ ᠪᠠᠶᠠᠰᠤᠯ ᠵᠡᠷᠭᠡ ᠠᠷᠭ᠎ᠠ ᠬᠡᠯᠪᠡᠷᠢ ᠶᠢᠡᠷ ᠲᠠᠮᠵᠢ᠍ᠭᠤᠯᠤᠨ ᠠᠮᠢ ᠠᠬᠤᠢ ᠶᠢᠨ ᠬᠠᠮᠠᠭᠠᠯᠠᠯᠳ᠋ᠠ ᠪᠠᠷ ᠤᠷᠢ᠍ᠳ᠋ᠠᠯ ᠪᠤᠯᠭᠠᠵᠤ᠂ ᠲᠤᠭᠤᠷᠢ᠍ᠨ ᠦᠵᠡᠵᠤ ᠪᠠᠶᠡᠴᠢ᠍ᠯᠠᠨ ᠤᠢ᠌ᠯᠠᠭᠠᠬᠤ᠂ ᠬᠦᠳ᠋ᠡᠭᠡ ᠨᠤᠳ᠋ᠤᠭ ᠶᠢᠡᠷ ᠠᠮᠠᠷᠠᠨ ᠵᠤᠭᠠᠴᠠᠬᠤ ᠶᠢ ᠨᠢ᠍ᠭᠡ ᠴᠤᠭᠴᠠᠵᠢ᠍ᠭᠤᠯᠤᠭᠰᠨᠨ ᠪᠠᠢ᠌ᠭᠠᠯᠯᠢ᠍ᠭ ᠵᠤᠭᠠᠴᠠᠯ ᠰᠡᠯᠡᠬᠦᠴᠡᠯ ᠦᠨ ᠵᠤᠷᠢ᠍ᠭᠰᠨᠨ ᠭᠠᠵᠠᠷ ᠢ ᠪᠠᠢ᠌ᠭᠤᠯᠬᠤ ᠭᠡᠷᠡᠭ᠍ᠳ᠋ᠡᠢ ᠭᠡᠵᠦ ᠴᠢ᠍ᠩᠭ᠋ᠠᠳᠬᠠᠵᠠᠢ᠃

ᠡᠦ ᠴᠢ᠍ᠩ ᠬᠠᠢ ᠪᠠᠰᠠ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠲᠠᠷᠢ᠍ᠬᠦᠯᠡᠭ᠍ᠴᠢ᠍ᠳ ᠤᠨ ᠪᠦᠯᠬᠦᠮ ᠤᠨ ᠠᠵᠢ᠍ᠯ᠂ ᠤᠳ᠋ᠤ ᠦᠶ᠎ᠠ ᠶᠢᠨ ᠮᠠᠯ ᠠᠵᠤ ᠠᠬᠤᠢ ᠶᠢᠨ ᠬᠦᠭ᠍ᠵᠢ᠍ᠯᠳ᠋ᠡ ᠪᠠ ᠬᠠᠩᠰᠢ ᠶᠢᠨ ᠡᠳ᠋ᠦᠷ ᠤᠨ ᠲᠠᠬᠢᠯᠭ᠎ᠠ ᠵᠡᠷᠭᠡ ᠠᠵᠢ᠍ᠯᠯᠠᠭ᠎ᠠ ᠳᠤ ᠪᠤᠳ᠋ᠠᠳ᠋ᠠᠢ ᠱᠠᠭᠠᠷᠳ᠋ᠠᠯᠭ᠎ᠠ ᠲᠤᠷᠠᠳᠴᠠᠢ᠃