ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ᠁
ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠤᠯᠤᠰ ᠤᠨ ᠠᠮᠤᠷ ᠲᠦ᠋ᠪᠰᠢ᠍ᠨ ᠤ ᠬᠦᠮᠦᠵᠢ᠍ᠯ ᠤᠨ ᠡᠳ᠋ᠦᠷ ᠤᠨ ᠤᠬᠠᠭᠤᠯᠭ᠎ᠠ ᠶᠢᠨ ᠠᠵᠢ᠍ᠯᠯᠠᠭ᠎ᠠ ᠦᠷᠨᠢᠭᠦᠯᠪᠡ


        

     4 ᠰᠠᠷ᠎ᠠ ᠶᠢᠨ 14 ᠡᠴᠡ 15 ᠤ ᠡᠳ᠋ᠦᠷ᠂ ᠵᠢᠷᠭᠤᠳ᠋ᠤᠭᠠᠷ ᠤᠳ᠋ᠠᠭᠠᠨ ᠤ ᠪᠦᠬᠦ ᠠᠷᠠᠳ ᠤᠨ ᠤᠯᠤᠰ ᠤᠨ ᠠᠮᠤᠷ ᠲᠦ᠋ᠪᠰᠢ᠍ᠨ ᠤ ᠬᠦᠮᠦᠵᠢ᠍ᠯ ᠤᠨ ᠡᠳ᠋ᠦᠷ ᠲᠤ᠂ ᠬᠤᠰᠢ᠍ᠭᠤᠨ ᠤ ᠨᠠᠮ ᠤᠨ ᠬᠤᠷᠢ᠍ᠶᠠᠨ ᠤ ᠤᠯᠤᠰ ᠤᠨ ᠠᠮᠤᠷ ᠲᠦ᠋ᠪᠰᠢ᠍ᠨ ᠤ ᠬᠦᠮᠦᠵᠢ᠍ᠯ ᠤᠨ ᠡᠳ᠋ᠦᠷ ᠤᠨ ᠤᠬᠠᠭᠤᠯᠭ᠎ᠠ ᠶᠢᠨ ᠠᠵᠢ᠍ᠯᠯᠠᠭ᠎ᠠ ᠦᠷᠨᠢᠭᠦᠯᠬᠦ ᠲᠤᠬᠠᠢ ᠬᠠᠮᠢ᠍ᠶ᠎ᠠ ᠪᠦᠬᠦᠢ ᠪᠢᠴᠢ᠍ᠭ᠌ ᠮᠠᠲ᠋ᠸᠷᠢ᠍ᠶᠠᠯ ᠤᠨ ᠱᠠᠭᠠᠷᠳ᠋ᠠᠯᠭ᠎ᠠ ᠪᠠᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠺᠠᠳ᠋ᠷ ᠠᠵᠢ᠍ᠯᠳ᠋ᠠᠨ ᠢ ᠵᠤᠬᠢᠶᠠᠨ ᠪᠠᠢ᠌ᠭᠤᠯᠵᠤ 《 4·15》 ᠤ ᠪᠦᠬᠦ ᠠᠷᠠᠳ ᠤᠨ ᠤᠯᠤᠰ ᠤᠨ ᠠᠮᠤᠷ ᠲᠦ᠋ᠪᠰᠢ᠍ᠨ ᠤ ᠬᠦᠮᠦᠵᠢ᠍ᠯ ᠤᠨ ᠡᠳ᠋ᠦᠷ ᠤᠨ ᠤᠬᠠᠭᠤᠯᠭ᠎ᠠ ᠶᠢᠨ ᠠᠵᠢ᠍ᠯᠯᠠᠭ᠎ᠠ ᠦᠷᠨᠢᠭᠦᠯᠪᠡ᠃

        
           ᠬᠡᠯᠪᠡᠷᠢ ᠪᠠᠨ ᠰᠢ᠍ᠨᠡᠴᠢ᠍ᠯᠡᠵᠦ ᠰᠤᠷᠤᠯᠴᠠᠯᠭ᠎ᠠ ᠠᠵᠢ᠍ᠯᠯᠠᠭ᠎ᠠ ᠦᠷᠨᠢᠭᠦᠯᠵᠦ᠂ ᠲᠤᠤᠷ ᠰᠦ᠋ᠯᠵᠢ᠍ᠶ᠎ᠠ ᠪᠠ ᠸᠢ᠍ᠴᠠᠲ ᠵᠡᠷᠭᠡ ᠰᠢ᠍ᠨ᠎ᠠ ᠵᠠᠭᠤᠴᠢ᠍ᠯᠠᠭᠤᠷ ᠶᠢᠡᠷ ᠤᠯᠤᠰ ᠤᠨ ᠠᠮᠤᠷ ᠲᠦ᠋ᠪᠰᠢ᠍ᠨ ᠤ ᠬᠠᠦᠯᠢ ᠴᠠᠭᠠᠵᠠ ᠬᠠᠦᠯᠢ ᠲᠤᠭᠳ᠋ᠠᠭᠠᠯ ᠤᠨ ᠮᠡᠳ᠋ᠡᠯᠭᠡ ᠶᠢ ᠴᠠᠭ ᠲᠤᠬᠠᠢ ᠳᠤ ᠨᠢ ᠪᠦᠳ᠋ᠦᠮᠵᠢ᠍ᠳ᠋ᠠᠢ ᠤᠬᠠᠭᠤᠯᠪᠠ᠃

        
         ᠠᠷᠠᠳ ᠤᠨ ᠲᠤᠮᠳ᠋ᠠ ᠭᠦᠨᠵᠡᠭᠡᠢ᠌ᠷᠡᠨ ᠬᠠᠦᠯᠢ ᠴᠠᠭᠠᠵᠠ ᠶᠢᠨ ᠮᠡᠳ᠋ᠡᠯᠭᠡ ᠶᠢ ᠲᠦ᠋ᠭᠡᠮᠡᠯᠵᠢ᠍ᠭᠦᠯᠦᠨ ᠤᠬᠠᠭᠤᠯᠵᠤ᠂ ᠠᠵᠢ᠍ᠯᠯᠠᠭ᠎ᠠ ᠶᠢᠨ ᠲᠤᠬᠠᠢ ᠶᠢᠨ ᠲᠠᠯᠠᠪᠠᠢ ᠳᠤ᠂ ᠪᠠᠢ᠌ᠭᠤᠯᠭ᠎ᠠ ᠶᠢᠨ ᠺᠠᠳ᠋ᠷᠴᠤᠳ ᠤᠬᠠᠭᠤᠯᠭ᠎ᠠ ᠶᠢᠨ ᠬᠠᠭᠤᠳ᠋ᠠᠰᠤ ᠲᠠᠷᠠᠬᠠᠬᠤ᠂ ᠠᠰᠠᠭᠤᠯᠳ᠋ᠠ ᠲᠤᠷᠠᠳᠬᠤ ᠵᠡᠷᠭᠡ ᠬᠡᠯᠪᠡᠷᠢ ᠪᠠᠷ 《 ᠤᠯᠤᠰ ᠤᠨ ᠠᠮᠤᠷ ᠲᠦ᠋ᠪᠰᠢ᠍ᠨ ᠤ ᠬᠠᠦᠯᠢ》 《 ᠰᠦ᠋ᠯᠵᠢ᠍ᠶᠡᠨ ᠤ ᠠᠮᠤᠷ ᠲᠦ᠋ᠪᠰᠢ᠍ᠨ ᠤ ᠬᠠᠦᠯᠢ》 《 ᠴᠦ᠋ᠮ᠎ᠠ ᠶᠢᠨ ᠠᠮᠤᠷ ᠲᠦ᠋ᠪᠰᠢ᠍ᠨ ᠤ ᠬᠠᠦᠯᠢ》 《 ᠰᠦ᠋ᠷᠳ᠋ᠡᠭᠦᠯᠬᠦ ᠦᠵᠡᠯ ᠢ ᠡᠰᠡᠷᠭᠦᠴᠡᠬᠦ ᠬᠠᠦᠯᠢ》 《 ᠲᠠᠩᠨᠠᠭᠤᠯ ᠢ ᠡᠰᠡᠷᠭᠦᠴᠡᠬᠦ ᠬᠠᠦᠯᠢ》 《 ᠬᠡᠭᠡᠷ᠎ᠠ ᠶᠢᠨ ᠠᠮᠢ᠍ᠳ᠋ᠠᠨ ᠢ ᠬᠠᠮᠠᠭᠠᠯᠠᠬᠤ ᠬᠠᠦᠯᠢ》 《 ᠭᠡᠨᠡᠳᠳ᠋ᠡ ᠶᠢᠨ ᠬᠡᠷᠡᠭ᠌ ᠢ ᠠᠷᠭᠠᠴᠠᠬᠤ ᠬᠠᠦᠯᠢ》 ᠵᠡᠷᠭᠡ ᠬᠠᠮᠢ᠍ᠶ᠎ᠠ ᠪᠦᠬᠦᠢ ᠤᠯᠤᠰ ᠤᠨ ᠠᠮᠤᠷ ᠲᠦ᠋ᠪᠰᠢ᠍ᠨ᠂ ᠤᠯᠠᠨ ᠨᠡᠢ᠌ᠳ᠋ᠡ ᠶᠢᠨ ᠡᠷᠡᠭᠦᠯ ᠬᠠᠮᠠᠭᠠᠯᠠᠯ ᠤᠨ ᠠᠮᠤᠷ ᠲᠦ᠋ᠪᠰᠢ᠍ᠨ᠂ ᠠᠮᠢ᠍ᠳ᠋ᠤ ᠪᠤᠳ᠋ᠠᠰ ᠤᠨ ᠠᠮᠤᠷ ᠲᠦ᠋ᠪᠰᠢ᠍ᠨ ᠵᠡᠷᠭᠡ ᠬᠠᠦᠯᠢ ᠴᠠᠭᠠᠵᠠ ᠬᠠᠦᠯᠢ ᠲᠤᠭᠳ᠋ᠠᠭᠠᠯ ᠤᠨ ᠲᠤᠬᠠᠢ ᠬᠠᠦᠯᠢ ᠴᠠᠭᠠᠵᠠ ᠶᠢᠨ ᠮᠡᠳ᠋ᠡᠯᠭᠡ ᠶᠢ ᠭᠤᠤᠯᠳ᠋ᠠᠯᠭ᠎ᠠ ᠲᠡᠶ ᠲᠦ᠋ᠭᠡᠮᠡᠯᠵᠢ᠍ᠭᠦᠯᠪᠠ᠃ ᠲᠤᠰ ᠤᠳ᠋ᠠᠭᠠᠨ ᠤ ᠠᠵᠢ᠍ᠯᠯᠠᠭ᠎ᠠ ᠳᠤ ᠨᠡᠢ᠌ᠳ᠋ᠡ 200 ᠭᠠᠷᠤᠢ ᠬᠤᠪᠢ ᠤᠬᠠᠭᠤᠯᠭ᠎ᠠ ᠶᠢᠨ ᠬᠠᠭᠤᠳ᠋ᠠᠰᠤ ᠲᠠᠷᠬᠠᠨ᠂ ᠤᠯᠠᠨ ᠲᠦ᠋ᠮᠡᠨ ᠤ ᠤᠯᠤᠰ ᠤᠨ ᠠᠮᠤᠷ ᠲᠦ᠋ᠪᠰᠢ᠍ᠨ ᠢ ᠬᠠᠮᠠᠭᠠᠯᠠᠬᠤ ᠳᠤ ᠤᠷᠤᠯᠴᠠᠬᠤ ᠢᠳ᠋ᠡᠪᠬᠢᠵᠢ᠍ᠯ ᠢ ᠲᠦᠢᠯ ᠤᠨ ᠶᠡᠬᠡᠪᠡᠷ ᠲᠠᠢ᠌ᠴᠢ᠍ᠯᠠᠵᠤ ᠤᠯᠠᠨ ᠲᠦ᠋ᠮᠡᠨ ᠤ ᠤᠯᠤᠰ ᠤᠨ ᠠᠮᠤᠷ ᠲᠦ᠋ᠪᠰᠢ᠍ᠨ ᠢ ᠬᠠᠮᠠᠭᠠᠯᠠᠬᠤ ᠬᠠᠷᠢ᠍ᠭᠤᠴᠠᠯᠭᠠᠳ᠋ᠤ ᠰᠡᠳᠭᠢᠯᠭᠡ ᠶᠢ ᠴᠢ᠍ᠩᠭ᠋ᠠᠷᠠᠭᠤᠯᠪᠠ᠃

        
            ᠠᠵᠢ᠍ᠯᠯᠠᠭ᠎ᠠ ᠲᠤᠮᠳ᠋ᠠ᠂ ᠪᠠᠢ᠌ᠭᠤᠯᠭ᠎ᠠ ᠶᠢᠨ ᠺᠠᠳ᠋ᠷᠴᠤᠳ ᠪᠠᠰᠠ ᠤᠯᠤᠰ ᠤᠨ ᠠᠮᠤᠷ ᠲᠦ᠋ᠪᠰᠢ᠍ᠨ ᠤ ᠬᠦᠮᠦᠵᠢ᠍ᠯ ᠤᠨ ᠤᠬᠠᠭᠤᠯᠭ᠎ᠠ ᠶᠢᠨ ᠹᠢᠯᠢ᠍ᠮ ᠦᠵᠡᠵᠦ᠂ 《 ᠲᠤᠮᠳ᠋ᠠᠳ᠋ᠤ ᠶᠢᠨ ᠬᠠᠦᠯᠢ ᠲᠦ᠋ᠭᠡᠮᠡᠯᠵᠢ᠍ᠭᠦᠯᠬᠦ》 ᠸᠢ᠍ᠴᠠᠲ ᠤᠨ ᠤᠯᠠᠨ ᠨᠡᠢ᠌ᠳ᠋ᠡ ᠶᠢᠨ ᠳ᠋ᠤᠭᠠᠷ ᠤᠨ ᠪᠦᠬᠦ ᠠᠷᠠᠳ ᠤᠨ ᠤᠯᠤᠰ ᠤᠨ ᠠᠮᠤᠷ ᠲᠦ᠋ᠪᠰᠢ᠍ᠨ ᠤ ᠬᠦᠮᠦᠵᠢ᠍ᠯ ᠤᠨ ᠡᠳ᠋ᠦᠷ ᠤᠨ ᠬᠠᠦᠯᠢ ᠴᠠᠭᠠᠵᠠ ᠶᠢᠨ ᠮᠡᠳ᠋ᠡᠯᠭᠡ ᠶᠢᠨ ᠱᠠᠩᠨᠠᠯᠳ᠋ᠤ ᠦᠷᠢ᠍ᠰᠦᠯᠳ᠋ᠦᠭᠡᠨ ᠤ ᠬᠦᠳ᠋ᠡᠯᠭᠡᠭᠡᠨ ᠳᠤ ᠤᠷᠤᠯᠴᠠᠪᠠ᠃

        ᠲᠤᠰ ᠤᠳ᠋ᠠᠭᠠᠨ ᠤ ᠠᠵᠢ᠍ᠯᠯᠠᠭ᠎ᠠ ᠶᠢ ᠦᠷᠨᠢᠭᠦᠯᠬᠦ ᠪᠠᠷ ᠲᠠᠮᠵᠢ᠍ᠨ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠪᠦᠬᠦ ᠨᠦ᠋ᠬᠦᠳ ᠤᠯᠤᠰ ᠤᠨ ᠠᠮᠤᠷ ᠲᠦ᠋ᠪᠰᠢ᠍ᠨ ᠳᠤ ᠨᠡᠩ ᠪᠦᠬᠦ ᠲᠠᠯ᠎ᠠ ᠪᠠᠷ ᠭᠦᠨᠵᠡᠭᠡᠢ ᠤᠢ᠌ᠯᠠᠭᠠᠨ᠂ ᠡᠭᠦᠨ ᠡᠴᠡ ᠬᠤᠢ᠌ᠰᠢ ᠤᠯᠤᠰ ᠤᠨ ᠠᠮᠤᠷ ᠲᠦ᠋ᠪᠰᠢ᠍ᠨ ᠤ ᠦᠵᠡᠯ ᠤᠬᠠᠮᠰᠡᠷ ᠶᠢᠡᠨ ᠪᠠᠳ᠋ᠤᠳᠬᠠᠵᠤ᠂ ᠤᠯᠤᠰ ᠤᠨ ᠠᠮᠤᠷ ᠲᠦ᠋ᠪᠰᠢ᠍ᠨ ᠢ ᠬᠠᠮᠠᠭᠠᠯᠠᠬᠤ ᠡᠯ᠎ᠠ ᠠᠵᠢ᠍ᠯ ᠳᠤ ᠢᠳ᠋ᠡᠪᠬᠢᠲᠠᠢ ᠤᠷᠤᠯᠴᠡᠨ ᠨᠠᠮ ᠪᠠᠢ᠌ᠭᠤᠯᠤᠭᠳ᠋ᠠᠭᠰᠠᠨ 100 ᠵᠢᠯ ᠤᠨ ᠤᠢ ᠶᠢ ᠪᠡᠯᠭᠡᠯᠡᠬᠦ ᠳᠤ ᠭᠦᠨ ᠵᠤᠵᠠᠭᠠᠨ ᠬᠠᠦᠯᠢ ᠪᠠᠷ ᠵᠠᠰᠠᠬᠤ ᠠᠭᠤᠷ ᠠᠮᠢ᠍ᠰᠬᠤᠯ ᠢ ᠪᠤᠢ ᠪᠤᠯᠭᠠᠪᠠ᠃(ᠯᠸᠢ ᠫᠠᠩ)


ᠡᠮᠦᠨᠡᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠪᠦᠬᠦ ᠬᠤᠰᠢ᠍ᠭᠤᠨ ᠤ ᠡᠯ᠎ᠠ ᠱᠠᠳ᠋ᠤᠨ ᠤ ᠠᠷᠠᠳ ᠤᠨ ᠲᠦ᠋ᠯᠦᠭᠡᠯᠡᠭ᠍ᠴᠢ᠍ᠳ ᠢ ᠵᠤᠬᠢᠶᠠᠨ ᠪᠠᠢ᠌ᠭᠤᠯᠤᠨ ᠬᠦᠳ᠋ᠡᠭᠡ ᠲᠤᠰᠬᠤᠨ ᠢ ᠬᠦᠭ᠍ᠵᠢ᠍ᠭᠦᠯᠦᠨ ᠮᠠᠨᠳ᠋ᠤᠭᠤᠯᠬᠤ ᠲᠤᠬᠠᠢ ᠰᠠᠭᠤᠳ᠋ᠠᠯ ᠤᠨ ᠬᠤᠷᠠᠯ ᠬᠤᠷᠠᠯᠳ᠋ᠤᠭᠤᠯᠪᠠ
ᠳᠠᠷᠠᠭᠠᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠶᠡᠷᠦᠩᠬᠡᠢ ᠱᠦ᠋ᠵᠢ ᠰᠢ ᠵᠢᠨ ᠫᠢᠩ ᠤᠨ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠲᠠᠢ᠌ᠴᠢ᠍ᠯᠠᠯᠳ᠋ᠠ ᠶᠢᠨ ᠶᠡᠬᠡ ᠬᠤᠷᠠᠯ ᠲᠡᠭᠡᠷᠡᠬᠢ ᠴᠢ᠍ᠬᠤᠯᠠ ᠶᠠᠷᠢ᠍ᠶᠠᠨ ᠤ ᠵᠤᠷᠢ᠍ᠭ ᠰᠠᠨᠠᠭ᠎ᠠ ᠶᠢ ᠭᠦᠨᠵᠡᠭᠡᠢ ᠰᠤᠷᠤᠯᠴᠡᠨ ᠲᠤᠭᠤᠰᠢ᠍ᠯᠠᠭᠤᠯᠪᠠ