ᠵᠠᠷᠤᠳ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠭᠡᠨᠡᠳᠳ᠋ᠡ ᠶᠢᠨ ᠬᠡᠷᠡᠭ᠌ ᠢ ᠠᠷᠭᠠᠴᠠᠬᠤ ᠬᠠᠦᠯᠢ》 ᠵᠢ ᠬᠡᠷᠡᠭ᠍ᠵᠢ᠍ᠭᠦᠯᠦᠭ᠍ᠰᠡᠨ ᠪᠠᠢ᠌ᠳ᠋ᠠᠯ ᠤᠨ ᠲᠤᠬᠠᠢ ᠬᠠᠦᠯᠢ ᠬᠡᠷᠡᠭ᠍ᠵᠢ᠍ᠭᠦᠯᠦᠯᠳ᠋ᠡ ᠶᠢᠨ ᠪᠠᠢ᠌ᠴᠠᠭᠠᠯᠳ᠋ᠠ ᠬᠢᠪᠡ

ᠬᠤᠰᠢ᠍ᠭᠤᠨ ᠤᠨ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠠᠵᠢ᠍ᠯ ᠤᠨ ᠲᠤᠬᠢᠷᠠᠭᠤᠯᠤᠯᠳ᠋ᠠ ᠪᠠᠷ᠂ 4 ᠰᠠᠷ᠎ᠠ ᠶᠢᠨ 29 ᠊ᠦ ᠡᠳ᠋ᠦᠷ᠂ ᠵᠠᠷᠤᠳ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠲᠡᠳ᠋ ᠲᠡᠷᠢ᠍ᠭᠦᠯᠡᠭ᠍ᠴᠢ ᠦᠷᠡᠪᠠᠳ᠋ᠦ ᠪᠠᠷ ᠲᠤᠭᠤᠢ᠌ᠯᠠᠩ ᠤᠨ ᠲᠠᠷᠤᠭ᠎ᠠ ᠪᠤᠯᠭᠠᠭᠰᠠᠨ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠬᠦᠳ᠋ᠡᠭᠡ ᠲᠤᠰᠬᠤᠨ ᠮᠠᠯᠵᠢ᠍ᠬᠤ ᠤᠷᠤᠨ ᠤ ᠠᠵᠢ᠍ᠯ ᠤᠨ ᠵᠦ᠋ᠪᠯᠡᠯ᠂ ᠬᠢᠨᠠᠨ ᠪᠠᠢ᠌ᠴᠠᠭᠠᠬᠤ ᠪᠠ ᠬᠠᠦᠯᠢ ᠴᠠᠭᠠᠵᠠ ᠶᠢᠨ ᠠᠵᠢ᠍ᠯ ᠤᠨ ᠵᠦ᠋ᠪᠯᠡᠯ ᠪᠤᠯᠤᠨ ᠬᠤᠰᠢ᠍ᠭᠤᠨ ᠤ ᠵᠠᠰᠠᠭ ᠤᠨ ᠤᠷᠳ᠋ᠤᠨ ᠤ ᠬᠠᠮᠢ᠍ᠶ᠎ᠠ ᠪᠦᠬᠦᠢ ᠬᠠᠷᠢ᠍ᠭᠤᠴᠠᠯᠭᠠᠳ᠋ᠠᠨ ᠮᠠᠨ ᠤ ᠬᠤᠰᠢ᠍ᠭᠤᠨ ᠤ《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠭᠡᠨᠡᠳᠳ᠋ᠡ ᠶᠢᠨ ᠬᠡᠷᠡᠭ᠌ ᠢ ᠠᠷᠭᠠᠴᠠᠬᠤ ᠬᠠᠦᠯᠢ》ᠵᠢ ᠲᠤᠭᠤᠰᠢ᠍ᠯᠠᠭᠤᠯᠤᠨ ᠨᠠᠢ᠌ᠳ᠋ᠠᠪᠤᠷᠢ᠍ᠵᠢ᠍ᠭᠤᠯᠤᠭᠰᠨᠨ ᠪᠠᠢ᠌ᠳ᠋ᠠᠯ ᠳᠤ ᠪᠠᠢ᠌ᠴᠠᠭᠠᠯᠳ᠋ᠠ ᠬᠢᠵᠠᠢ᠃

ᠬᠠᠦᠯᠢ ᠬᠡᠷᠡᠭ᠍ᠵᠢ᠍ᠭᠦᠯᠦᠯᠳ᠋ᠡ ᠶᠢ ᠪᠠᠢ᠌ᠴᠠᠭᠠᠬᠤ ᠲᠤᠭᠤᠢ᠌ᠯᠠᠩ ᠤᠷᠢ᠍ᠳ ᠬᠤᠵᠢ᠍ᠳ ᠵᠠᠬᠠᠨᠠᠭᠤᠷ ᠨᠡᠬᠦᠷᠡᠰᠤᠨ ᠦᠢ᠍ᠯᠡᠰ ᠤᠨ ᠺᠤᠮᠫᠠᠨᠢ᠂ ᠦᠪᠦᠷ ᠮᠤᠩᠭ᠋ᠤᠯ ᠤᠨ ᠴᠤᠤ ᠵᠢᠨ ᠰᠢ᠍ᠨ᠎ᠠ ᠮᠠᠲ᠋ᠸᠷᠢ᠍ᠶᠠᠯ ᠤᠨ ᠬᠢᠵᠠᠭᠠᠷᠳ᠋ᠤ ᠺᠤᠮᠫᠠᠨᠢ ᠳᠤ ᠬᠦᠷᠴᠦ ᠲᠤᠬᠠᠢ ᠶᠢᠨ ᠲᠠᠯᠠᠪᠠᠢ ᠳᠤ ᠪᠠᠢ᠌ᠴᠠᠭᠠᠯᠳ᠋ᠠ ᠬᠢᠬᠦ ᠶᠢᠨ ᠬᠠᠮᠳ᠋ᠤ ᠰᠠᠭᠤᠳ᠋ᠠᠯ ᠤᠨ ᠬᠤᠷᠠᠯ ᠬᠤᠷᠠᠯᠳ᠋ᠤᠭᠤᠯᠵᠤ᠂ ᠬᠤᠰᠢ᠍ᠭᠤᠨ ᠤ ᠠᠷᠠᠳ ᠤᠨ ᠵᠠᠰᠠᠭ ᠤᠨ ᠤᠷᠳ᠋ᠤᠨ ᠵᠢᠴᠢ ᠬᠠᠮᠢ᠍ᠶ᠎ᠠ ᠪᠦᠬᠦᠢ ᠰᠠᠯᠠᠭ᠎ᠠ ᠮᠦ᠋ᠴᠢ᠍ᠷ ᠤᠨ《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠭᠡᠨᠡᠳᠳ᠋ᠡ ᠶᠢᠨ ᠬᠡᠷᠡᠭ᠌ ᠢ ᠠᠷᠭᠠᠴᠠᠬᠤ ᠬᠠᠦᠯᠢ》ᠵᠢ ᠲᠤᠭᠤᠰᠢ᠍ᠯᠠᠭᠤᠯᠤᠨ ᠨᠠᠢ᠌ᠳ᠋ᠠᠪᠤᠷᠢ᠍ᠵᠢ᠍ᠭᠤᠯᠤᠭᠰᠠᠨ ᠪᠠᠢ᠌ᠳ᠋ᠠᠯ ᠤᠨ ᠬᠠᠷᠢ᠍ᠭᠤ ᠮᠡᠳ᠋ᠡᠭᠦᠯᠦᠯᠳ᠋ᠡ ᠶᠢ ᠰᠤᠨᠤᠰᠤᠭᠰᠠᠨ ᠪᠦᠭᠡᠳ ᠤᠷᠤᠰᠢ᠍ᠵᠤ ᠪᠠᠢ᠌ᠭ᠎ᠠ ᠠᠰᠠᠭᠤᠳ᠋ᠠᠯ ᠪᠠ ᠬᠦᠷᠦᠯᠴᠡᠬᠦ ᠦᠭᠡᠶ ᠲᠠᠯ᠎ᠠ ᠳᠤ ᠰᠠᠨᠠᠯ ᠰᠠᠨᠠᠭᠤᠯᠭ᠎ᠠ ᠲᠤᠷᠠᠳᠪᠠ᠃

ᠪᠠᠢ᠌ᠴᠠᠭᠠᠬᠤ ᠲᠤᠭᠤᠢ᠌ᠯᠠᠩ ᠤᠨ ᠬᠢᠨ᠂ ᠬᠡᠨᠡᠳᠳ᠋ᠡ ᠶᠢᠨ ᠬᠡᠷᠡᠭ᠌ ᠢ ᠠᠷᠭᠠᠴᠠᠬᠤ ᠠᠵᠢ᠍ᠯ ᠪᠤᠯ ᠠᠷᠠᠳ ᠤᠯᠠᠨ ᠤ ᠠᠮᠢ ᠨᠠᠰᠦ ᠡᠳ᠋ ᠬᠦᠷᠦᠩᠬᠡ ᠶᠢᠨ ᠠᠮᠤᠷ ᠲᠦ᠋ᠪᠰᠢ᠍ᠨ ᠪᠠ ᠠᠵᠤ ᠠᠬᠤᠢ᠌ᠯᠠᠯ ᠤᠨ ᠤᠷᠤᠰᠢ᠍ᠨ ᠲᠤᠭᠳᠠᠨᠢᠵᠤ ᠬᠦᠭ᠍ᠵᠢ᠍ᠬᠦ ᠲᠡᠶ ᠬᠤᠯᠪᠤᠭᠳ᠋ᠠᠨᠠ᠃ ᠬᠤᠰᠢ᠍ᠭᠤᠨ ᠤ ᠠᠷᠠᠳ ᠤᠨ ᠵᠠᠰᠠᠭ ᠤᠨ ᠤᠷᠳ᠋ᠤᠨ ᠪᠤᠯᠤᠨ ᠡᠯ᠎ᠠ ᠠᠵᠤ ᠦᠢ᠍ᠯᠡᠳᠪᠦᠷᠢ᠍ᠯᠡᠯ ᠤᠨ ᠠᠵᠤ ᠠᠬᠤᠢ᠌ᠯᠠᠯ《ᠠᠷᠠᠳ ᠲᠦ᠋ᠮᠡᠨ ᠢ ᠲᠡᠭᠡᠳ᠋ᠦᠯᠡᠬᠦ᠂ ᠠᠮᠢ ᠨᠠᠰᠤ ᠶᠢ ᠲᠡᠭᠡᠳ᠋ᠦᠯᠡᠬᠦ》ᠬᠦᠭ᠍ᠵᠢ᠍ᠯᠳ᠋ᠡ ᠶᠢᠨ ᠤᠢ᠌ᠯᠠᠭᠠᠭᠳ᠋ᠠᠭᠤᠨ ᠢ ᠪᠠᠷᠢ᠍ᠮᠳ᠋ᠠᠯᠡᠨ᠂《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠭᠡᠨᠡᠳᠳ᠋ᠡ ᠶᠢᠨ ᠬᠡᠷᠡᠭ᠌ ᠢ ᠠᠷᠭᠠᠴᠠᠬᠤ ᠬᠠᠦᠯᠢ》ᠵᠢ ᠤᠬᠠᠭᠤᠯᠤᠨ ᠲᠤᠭᠤᠰᠢ᠍ᠯᠠᠭᠤᠯᠵᠤ ᠨᠠᠢ᠌ᠳ᠋ᠠᠪᠤᠷᠢ᠍ᠵᠢ᠍ᠭᠤᠯᠬᠤ ᠠᠵᠢ᠍ᠯ ᠢ ᠤᠯᠠᠮ ᠨᠢ᠍ᠭᠡ ᠠᠯᠬᠤᠮ ᠠᠬᠢᠭᠤᠯᠵᠤ᠂ ᠡᠯ᠎ᠠ ᠵᠦ᠋ᠢ᠍ᠯ ᠤᠨ ᠪᠠᠴᠢ᠍ᠮ ᠪᠠᠢ᠌ᠳ᠋ᠠᠯ ᠢ ᠠᠷᠭᠠᠴᠠᠬᠤ ᠲᠦ᠋ᠰᠦᠯ ᠢ ᠲᠡᠭᠦᠯᠳ᠋ᠡᠷᠵᠢ᠍ᠭᠦᠯᠦᠨ᠂ ᠭᠡᠨᠡᠳᠳ᠋ᠡ ᠶᠢᠨ ᠬᠡᠷᠡᠭ᠌ ᠢ ᠠᠷᠭᠠᠴᠠᠬᠤ ᠪᠠᠳ᠋ᠤᠯᠠᠭ᠎ᠠ ᠶᠢᠨ ᠴᠢ᠍ᠳ᠋ᠠᠪᠤᠷᠢ ᠪᠠᠨ ᠲᠡᠭᠡᠭ᠍ᠰᠢ᠍ᠯᠡᠭᠦᠯᠬᠦ ᠬᠡᠷᠡᠭ᠍ᠳ᠋ᠠᠢ ᠭᠡᠵᠡᠢ᠃ ᠪᠠᠢ᠌ᠴᠠᠭᠠᠬᠤ ᠲᠤᠭᠤᠢ᠌ᠯᠠᠩ ᠡᠴᠡ᠂ ᠠᠶᠤᠯ ᠲᠦ᠋ᠭ᠍ᠰᠢ᠍ᠭᠦᠷᠢ ᠲᠠᠯᠳ᠋ᠠ ᠭᠡᠮ ᠢ ᠵᠢᠭᠰᠠᠭᠠᠨ ᠪᠠᠢ᠌ᠴᠠᠭᠠᠬᠤ ᠡᠷᠴᠢ᠍ᠮ ᠶᠢᠡᠨ ᠴᠢ᠍ᠩᠭ᠋ᠠᠷᠠᠭᠤᠯᠤᠨ᠂ ᠪᠠᠴᠢ᠍ᠮ ᠪᠠᠢ᠌ᠳ᠋ᠠᠯ ᠢ ᠠᠷᠭᠠᠴᠠᠬᠤ ᠬᠠᠮᠢ᠍ᠶᠠᠷᠤᠯᠳ᠋ᠠ ᠶᠢᠨ ᠡᠩᠨᠡᠭᠡᠨ ᠦ ᠪᠠᠢ᠌ᠭᠤᠯᠤᠯᠳ᠋ᠠ ᠶᠢ ᠴᠢ᠍ᠩᠭ᠋ᠠᠳᠬᠠᠵᠤ᠂ ᠭᠡᠨᠡᠳᠳ᠋ᠡ ᠶᠢᠨ ᠬᠡᠷᠡᠭ᠌ ᠢ ᠬᠢᠨᠠᠨ ᠬᠡᠮᠵᠢ᠍ᠵᠤ ᠤᠷᠢ᠍ᠳᠴᠢ᠍ᠯᠡᠨ ᠰᠡᠷᠡᠮᠵᠢ᠍ᠯᠡᠭᠦᠯᠬᠦ᠂ ᠮᠡᠳ᠋ᠡᠭᠡ ᠵᠠᠩᠭᠢ ᠶᠢ ᠮᠡᠳ᠋ᠡᠭᠦᠯᠬᠦ ᠲᠦ᠋ᠷᠢ᠍ᠮ ᠢ ᠪᠠᠢ᠌ᠭᠤᠯᠤᠨ ᠲᠡᠭᠦᠯᠳ᠋ᠡᠷᠵᠢ᠍ᠭᠦᠯᠵᠦ᠂ ᠭᠡᠨᠡᠳᠳ᠋ᠡ ᠶᠢᠨ ᠬᠡᠷᠡᠭ᠌ ᠢ ᠰᠢ᠍ᠨᠵᠢ᠍ᠯᠡᠬᠦ ᠤᠬᠠᠭᠠᠨᠴᠢ ᠪᠠᠷ ᠠᠷᠭᠠᠴᠠᠨ᠂ ᠡᠯ᠎ᠠ ᠬᠠᠮᠢ᠍ᠶ᠎ᠠ ᠪᠦᠬᠦᠢ ᠰᠠᠯᠠᠭ᠎ᠠ ᠮᠦ᠋ᠴᠢ᠍ᠷ ᠤᠨ ᠬᠢᠨ ᠠᠵᠢ᠍ᠯ ᠤᠨ ᠬᠠᠷᠢ᠍ᠭᠤᠴᠠᠯᠭ᠎ᠠ ᠪᠠᠨ ᠤᠯᠠᠮ ᠨᠢ᠍ᠭᠡ ᠠᠯᠬᠤᠮ ᠨᠠᠢ᠌ᠳ᠋ᠠᠪᠤᠷᠢ᠍ᠵᠢ᠍ᠭᠤᠯᠵᠤ᠂ ᠬᠠᠦᠯᠢ ᠬᠡᠷᠡᠭ᠍ᠵᠢ᠍ᠭᠦᠯᠦᠯᠳ᠋ᠡ ᠶᠢᠨ ᠪᠠᠢ᠌ᠴᠠᠭᠠᠯᠳ᠋ᠠ ᠶᠢᠨ ᠡᠷᠴᠢ᠍ᠮ ᠶᠢᠡᠨ ᠴᠢ᠍ᠩᠭ᠋ᠠᠳᠬᠠᠨ᠂ ᠠᠵᠤ ᠠᠬᠤᠢ᠌ᠯᠠᠯ ᠤᠨ ᠠᠶᠤᠯᠭᠦᠢ ᠦᠢ᠍ᠯᠡᠳᠪᠦᠷᠢ᠍ᠯᠡᠯ ᠢ ᠪᠦᠬᠦ ᠬᠦᠴᠦᠨ ᠶᠢᠡᠷ ᠶᠢᠡᠨ ᠪᠠᠳ᠋ᠤᠯᠠᠵᠤ᠂ ᠪᠦᠬᠦ ᠬᠤᠰᠢ᠍ᠭᠤᠨ ᠤ ᠠᠵᠤ ᠠᠬᠤᠢ ᠨᠡᠢ᠌ᠭᠡᠮ ᠤᠨ ᠬᠦᠭ᠍ᠵᠢ᠍ᠯᠳ᠋ᠡ ᠶᠢᠨ ᠦᠷᠭᠦᠯᠵᠢ᠍ᠯᠡᠨ ᠲᠤᠭᠳ᠋ᠠᠭᠤᠨ ᠢ ᠪᠠᠳ᠋ᠤᠯᠠᠬᠤ ᠬᠡᠷᠡᠭ᠍ᠳ᠋ᠠᠢ ᠭᠡᠵᠦ ᠴᠢ᠍ᠩᠭ᠋ᠠᠳᠬᠠᠵᠠᠢ᠃