ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ《ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠨᠠᠮ ᠤᠨ ᠲᠡᠦᠬᠡ ᠶᠢᠨ ᠰᠤᠷᠤᠯᠴᠠᠯᠭ᠎ᠠ ᠶᠢᠨ ᠲᠤᠰᠬᠠᠢ ᠰᠡᠳ᠋ᠦᠪᠳ᠋ᠦ ᠲᠠᠢ᠌ᠯᠤᠮᠵᠢ ᠶᠢᠨ ᠭᠤᠷᠪᠠᠳ᠋ᠤᠭᠠᠷ ᠶᠠᠷᠢ᠍ᠶ᠎ᠠ ᠄ ᠽᠦ᠋ᠨ ᠢ ᠶᠢᠨ ᠬᠤᠷᠠᠯ ᠪᠠ ᠤᠷᠳ᠋ᠤ ᠵᠠᠮ ᠤᠨ ᠠᠶᠠᠨ ᠲᠠᠢ᠌ᠨ ᠤ ᠢᠯᠠᠯᠳ᠋ᠠ》 ᠭᠡᠬᠦ ᠰᠦ᠋ᠯᠵᠢ᠍ᠶᠡᠨ ᠤ ᠬᠢᠴᠢ᠍ᠶᠡᠯᠯᠡᠭᠡ ᠶᠢ ᠲᠦ᠋ᠪᠯᠡᠷᠡᠨ ᠰᠤᠷᠤᠯᠴᠠᠪᠠ

ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠢ ᠴᠢ᠍ᠩᠭ᠋ᠠᠳᠬᠠᠵᠤ᠂ ᠶᠡᠷᠦᠩᠬᠡᠢ ᠱᠦ᠋ᠵᠢ ᠰᠢ ᠵᠢᠨ ᠫᠢᠩ ᠤᠨ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠲᠠᠢ᠌ᠴᠢ᠍ᠯᠠᠯᠳ᠋ᠠ ᠶᠢᠨ ᠬᠤᠷᠠᠯ ᠲᠡᠬᠡᠷᠡᠬᠢ ᠴᠢ᠍ᠬᠤᠯᠠ ᠶᠠᠷᠢ᠍ᠶᠠᠨ ᠤ ᠵᠤᠷᠢ᠍ᠭ ᠰᠠᠨᠠᠭ᠎ᠠ ᠶᠢ ᠰᠠᠢ᠌ᠳ᠋ᠤᠷ ᠨᠠᠢ᠌ᠳ᠋ᠠᠪᠤᠷᠢ᠍ᠵᠢᠭᠤᠯᠬᠤ ᠶᠢᠨ ᠲᠦ᠋ᠯᠦᠭᠡ᠂ 4 ᠰᠠᠷ᠎ᠠ ᠶᠢᠨ 30᠊ᠦ ᠡᠳ᠋ᠦᠷ ᠤᠨ ᠦᠳ᠋ᠡ ᠶᠢᠨ ᠡᠮᠦᠨ᠎ᠠ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠪᠦᠬᠦ ᠨᠠᠮ ᠤᠨ ᠭᠡᠰᠢ᠍ᠭᠦᠨ ᠺᠠᠳ᠋ᠷᠴᠤᠳ ᠲᠦ᠋ᠪ ᠤᠨ ᠨᠠᠮ ᠤᠨ ᠰᠤᠷᠭᠠᠭᠤᠯᠢ (ᠤᠯᠤᠰ ᠤᠨ ᠵᠠᠰᠠᠭ ᠵᠠᠬᠢᠷᠭᠠᠨ ᠤ ᠲᠡᠭᠡᠳ᠋ᠦ ᠰᠤᠷᠭᠠᠭᠤᠯᠢ)ᠵᠢᠨ ᠲᠤᠮᠳ᠋ᠠᠳ᠋ᠤ ᠶᠢᠨ ᠡᠪ ᠬᠠᠮᠳ᠋ᠤ ᠨᠠᠮ ᠤᠨ ᠲᠡᠦᠬᠡ ᠶᠢᠨ ᠵᠢᠭᠠᠨ ᠰᠤᠳ᠋ᠤᠯᠬᠤ ᠬᠡᠯᠳ᠋ᠡᠰ ᠤᠨ ᠦᠭᠡᠷᠡᠴᠢ᠍ᠯᠡᠯᠳ᠋ᠡ ᠨᠡᠭᠡᠭᠡᠯᠳ᠋ᠡ ᠶᠢᠨ ᠲᠡᠦᠬᠡ ᠶᠢᠨ ᠰᠢ᠍ᠨ᠎ᠠ ᠴᠠᠭ ᠦᠶ᠎ᠠ ᠶᠢᠨ ᠵᠢᠭᠠᠨ ᠰᠤᠳ᠋ᠤᠯᠬᠤ ᠲᠠᠰᠤᠭ ᠤᠨ ᠡᠷᠬᠢᠯᠡᠭ᠍ᠴᠢ᠂ ᠫᠡᠷᠦᠹᠸᠰᠰᠤᠷ ᠭᠤᠤ ᠵᠦ᠋ᠩ ᠬᠤᠸᠠ ᠶᠢᠨ ᠶᠠᠷᠢ᠍ᠭᠰᠠᠨ《ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠨᠠᠮ ᠤᠨ ᠲᠡᠦᠬᠡ ᠶᠢᠨ ᠰᠤᠷᠤᠯᠴᠠᠯᠭ᠎ᠠ ᠶᠢᠨ ᠲᠤᠰᠬᠠᠢ ᠰᠡᠳ᠋ᠦᠪᠳ᠋ᠦ ᠲᠠᠢ᠌ᠯᠤᠮᠵᠢ ᠶᠢᠨ ᠭᠤᠷᠪᠠᠳ᠋ᠤᠭᠠᠷ ᠶᠠᠷᠢ᠍ᠶ᠎ᠠ ᠄ ᠽᠦ᠋ᠨ ᠢ ᠶᠢᠨ ᠬᠤᠷᠠᠯ ᠪᠠ ᠤᠷᠳ᠋ᠤ ᠵᠠᠮ ᠤᠨ ᠠᠶᠠᠨ ᠲᠠᠢ᠌ᠨ ᠤ ᠢᠯᠠᠯᠳ᠋ᠠ》 ᠭᠡᠬᠦ ᠰᠦ᠋ᠯᠵᠢ᠍ᠶᠡᠨ ᠤ ᠬᠢᠴᠢ᠍ᠶᠡᠯᠯᠡᠭᠡ ᠶᠢ ᠲᠦ᠋ᠪᠯᠡᠷᠡᠨ ᠰᠤᠷᠤᠯᠴᠠᠪᠠ᠃


ᠬᠢᠴᠢ᠍ᠶᠡᠯᠯᠡᠭᠡ ᠭᠤᠤᠯᠳ᠋ᠠᠭᠤ ᠤᠷᠳ᠋ᠤ ᠵᠠᠮ ᠤᠨ ᠠᠶᠠᠨ ᠲᠠᠢ᠌ᠨ ᠤ 1935 ᠤᠨ ᠤ 1 ᠳ᠋ᠦ᠋ᠭᠡᠷ ᠰᠠᠷ᠎ᠠ ᠳᠤ᠂ ᠭᠦᠢ᠍ᠵᠸᠦ ᠶᠢᠨ ᠽᠦ᠋ᠨ ᠢ ᠳᠤ ᠬᠤᠷᠠᠯᠳ᠋ᠤᠭᠰᠠᠨ ᠠᠯᠳ᠋ᠠᠷᠳ᠋ᠤ ᠽᠦ᠋ᠨ ᠢ ᠶᠢᠨ ᠬᠤᠷᠠᠯ ᠢ ᠵᠠᠷᠢ᠍ᠵᠤ᠂ ᠡᠨᠡ ᠤᠳ᠋ᠠᠭᠠᠨ ᠤ ᠬᠤᠷᠠᠯ ᠨᠢ ᠮᠠᠨ ᠤ ᠨᠠᠮ ᠤᠨ ᠲᠠᠤᠭᠡᠨ ᠳᠤ ᠴᠢ᠍ᠬᠤᠯᠠ ᠶᠡᠬᠡ ᠠᠴᠢ ᠬᠤᠯᠪᠤᠭᠳ᠋ᠠᠯ ᠲᠡᠶ ᠪᠠᠢ᠌ᠵᠤ᠂ ᠨᠢ᠍ᠭᠡᠨ ᠦᠬᠦᠵᠦ ᠰᠡᠭᠡᠬᠦ ᠳᠤ ᠬᠤᠯᠪᠤᠭᠳ᠋ᠠᠭᠰᠨᠨ ᠡᠷᠭᠢᠯᠳ᠋ᠡ ᠶᠢᠨ ᠴᠡᠭ᠌ ᠮᠦ᠋ᠨ᠃ ᠭᠤᠤ ᠵᠦ᠋ᠩ ᠬᠤᠸᠠ ᠫᠡᠷᠦᠹᠸᠰᠰᠤᠷ ᠽᠦ᠋ᠨ ᠢ ᠶᠢᠨ ᠬᠤᠷᠠᠯ ᠪᠤᠯᠤᠨ ᠤᠷᠳ᠋ᠤ ᠵᠠᠮ ᠤᠨ ᠠᠶᠠᠨ ᠲᠠᠢ᠌ᠨ ᠤ ᠢᠯᠠᠯᠳ᠋ᠡ ᠶᠢᠨ ᠲᠤᠭᠤᠷᠢ᠍ᠨ ᠳᠤ ᠭᠤᠷᠪᠠᠨ ᠲᠠᠯ᠎ᠠ ᠪᠠᠷ ᠵᠠᠳ᠋ᠠᠯᠤᠨ ᠲᠠᠢ᠌ᠯᠪᠤᠷᠢ᠍ᠯᠠᠵᠠᠢ᠃ ᠲᠠᠷᠤᠢ᠂ ᠽᠦ᠋ᠨ ᠢ ᠶᠢᠨ ᠬᠤᠷᠠᠯ ᠢ ᠬᠤᠷᠠᠯᠳ᠋ᠤᠭᠤᠯᠤᠭᠰᠠᠨ ᠲᠡᠦᠬᠡᠨ ᠠᠬᠤᠢ ᠪᠠᠢ᠌ᠳ᠋ᠠᠯ᠂ ᠽᠦ᠋ᠨ ᠢ ᠶᠢᠨ ᠬᠤᠷᠠᠯ ᠬᠤᠷᠠᠯᠳ᠋ᠤᠭᠤᠯᠭᠰᠠᠨ ᠪᠤᠳ᠋ᠠᠳ᠋ᠠᠢ ᠶᠠᠪᠤᠴᠠ ᠪᠠ ᠽᠦ᠋ᠨ ᠢ ᠶᠢᠨ ᠬᠤᠷᠠᠯ ᠤᠨ ᠰᠢ᠌ᠳᠪᠦᠷᠢ ᠵᠢᠴᠢ ᠤᠷᠳ᠋ᠤ ᠵᠠᠮ ᠤᠨ ᠠᠶᠠᠨ ᠲᠠᠢ᠌ᠨ ᠤ ᠢᠯᠠᠯᠳ᠋ᠠ ᠶᠢ ᠬᠠᠮᠠᠭᠠᠯᠠᠭᠰᠨᠨ ᠶᠠᠪᠤᠳ᠋ᠠᠯ ᠤᠨ ᠲᠤᠬᠠᠢ ᠶᠠᠷᠢ᠍ᠵᠠᠢ᠃

ᠬᠤᠷᠠᠯ ᠲᠡᠭᠡᠷ᠎ᠠ ᠪᠠᠰᠠ《5·1》᠊ᠦ ᠠᠮᠠᠷᠠᠯᠳ᠋ᠠ ᠶᠢᠨ ᠬᠤᠭᠤᠴᠠᠭᠠᠨ ᠳ᠋ᠡᠬᠢ ᠡᠳ᠋ᠦᠷ ᠰᠦ᠋ᠨᠢ ᠶᠢᠨ ᠵᠢᠵᠢ᠍ᠭᠦᠷ ᠤᠨ ᠡᠭᠡᠯᠵᠢ᠂ ᠰᠠᠬᠢᠯᠭ᠎ᠠ ᠪᠠᠳ᠋ᠤ ᠤᠪᠤᠷ ᠰᠤᠷᠳ᠋ᠠᠯ᠂ ᠬᠢᠵᠢ᠍ᠭ᠌ ᠤᠨ ᠪᠠᠢ᠌ᠳ᠋ᠠᠯ ᠢ ᠰᠡᠷᠭᠡᠢ᠌ᠯᠡᠨ ᠡᠵᠡᠮᠳ᠋ᠡᠬᠦ ᠵᠡᠷᠭᠡ ᠠᠵᠢ᠍ᠯ ᠳᠤ ᠪᠤᠳ᠋ᠠᠳ᠋ᠠᠢ ᠱᠠᠭᠠᠷᠳ᠋ᠠᠯᠭ᠎ᠠ ᠲᠤᠷᠠᠳ᠋ᠤᠵᠠᠢ᠃(ᠯᠸᠢ ᠫᠠᠩ)