ᠤᠳᠤ ᠶᠢᠨ ᠪᠠᠢ᠌ᠷᠢ᠄ ᠴᠢᠬᠤᠯᠠ ᠮᠡᠳᠡᠭᠡ → ᠡᠦ ᠴᠢ᠍ᠩ ᠬᠠᠢ ᠲᠠᠭᠠᠭᠠᠴᠢ᠍ᠯᠠᠭᠰᠠᠨ ᠭᠠᠴᠠᠭᠠᠨ ᠳᠤ᠁
ᠡᠦ ᠴᠢ᠍ᠩ ᠬᠠᠢ ᠲᠠᠭᠠᠭᠠᠴᠢ᠍ᠯᠠᠭᠰᠠᠨ ᠭᠠᠴᠠᠭᠠᠨ ᠳᠤ ᠬᠦᠷᠴᠦ ᠨᠠᠮ ᠤᠨ ᠬᠢᠴᠢ᠍ᠶᠡᠯ ᠤᠷᠤᠪᠠ


       
             5 ᠰᠠᠷ᠎ᠠ ᠶᠢᠨ6 ᠊ᠦ ᠡᠳ᠋ᠦᠷ᠂ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ᠂ ᠡᠷᠬᠢᠯᠡᠭ᠍ᠴᠢ ᠡᠦ ᠴᠢ᠍ᠩ ᠬᠠᠢ ᠪᠠᠶᠠᠷᠳ᠋ᠤᠬᠤᠰᠢ᠍ᠭᠤ ᠪᠠᠯᠭᠠᠰᠤᠨ ᠤ ᠬᠤᠪᠤᠯᠳ᠋ᠤ ᠭᠠᠴᠠᠭᠠᠨ ᠳᠤ ᠬᠦᠷᠴᠦ᠂ ᠭᠠᠴᠠᠭᠠᠨ ᠤ《ᠬᠤᠶᠠᠷ ᠵᠦ᠋ᠪᠯᠡᠯ》᠊ᠦᠨ ᠤᠳ᠋ᠤᠷᠢ᠍ᠳᠬᠤ ᠪᠠᠭ ᠤᠨ ᠪᠦᠷᠢ᠍ᠯᠳ᠋ᠦᠭᠦᠨ ᠵᠢᠴᠢ ᠨᠠᠮ ᠤᠨ ᠭᠡᠰᠢ᠍ᠭᠦᠳ ᠲᠤ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠲᠤᠰᠬᠠᠢ ᠰᠡᠳ᠋ᠦᠪᠳ᠋ᠦ ᠨᠠᠮ ᠤᠨ ᠬᠢᠴᠢ᠍ᠶᠡᠯ ᠤᠷᠤᠪᠠ᠃

        
               ᠡᠦ ᠴᠢ᠍ᠩ ᠬᠠᠢ᠂《ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠢ ᠦᠷᠨᠢᠭᠦᠯᠬᠦ ᠶᠢᠨ ᠴᠢ᠍ᠬᠤᠯᠠ ᠠᠴᠢ ᠬᠤᠯᠪᠤᠭᠳ᠋ᠠᠯ᠂ ᠨᠠᠮ ᠤᠨ ᠵᠠᠭᠤᠨ ᠵᠢᠯ ᠤᠨ ᠲᠡᠦᠬᠡᠨ ᠬᠦᠭ᠍ᠵᠢ᠍ᠯᠳ᠋ᠡ ᠶᠢᠨ ᠡᠷᠭᠢᠴᠡᠭᠦᠯᠦᠯ ᠪᠤᠯᠤᠨ ᠲᠤᠮᠳ᠋ᠠᠳ᠋ᠤ ᠤᠯᠤᠰ ᠤᠨ ᠤᠷᠴᠢ᠍ᠨ ᠦᠶ᠎ᠠ ᠶᠢᠨ ᠨᠡᠢ᠌ᠭᠡᠮ ᠤᠨ ᠲᠦ᠋ᠢ᠍ᠮᠦ ᠪᠠᠢ᠌ᠳ᠋ᠠᠯ ᠵᠢᠴᠢ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠢ ᠬᠡᠷᠬᠢᠨ ᠰᠠᠢ᠌ᠳ᠋ᠤᠷ ᠦᠷᠨᠢᠭᠦᠯᠬᠦ》ᠵᠡᠷᠭᠡ ᠴᠢ᠍ᠬᠤᠯᠠ ᠠᠭᠤᠯᠭ᠎ᠠ ᠶᠢᠨ ᠲᠤᠭᠤᠷᠢ᠍ᠨ ᠳᠤ᠂ ᠭᠠᠴᠠᠭᠠᠨ ᠤ ᠨᠠᠮ ᠤᠨ ᠭᠡᠰᠢ᠍ᠭᠦᠨ ᠺᠠᠳ᠋ᠷᠴᠤᠳ ᠲᠤ ᠠᠮᠢ᠍ᠳ᠋ᠤᠯᠢ᠍ᠭ ᠮᠦ᠋ᠷᠳ᠋ᠡᠭᠡᠨ ᠬᠢᠯᠪᠠᠷ ᠤᠢ᠌ᠯᠠᠭᠠᠮᠵᠢ᠍ᠳ᠋ᠠᠢ ᠨᠠᠮ ᠤᠨ ᠬᠢᠴᠢ᠍ᠶᠡᠯ ᠤᠷᠤᠵᠤ᠂ ᠶᠠᠭᠤᠨ ᠳᠤ ᠰᠤᠷᠤᠯᠴᠠᠬᠤ᠂ ᠶᠠᠭᠤ ᠶᠢ ᠰᠤᠷᠤᠯᠴᠠᠬᠤ᠂ ᠶᠠᠭᠠᠬᠢᠵᠤ ᠰᠤᠷᠤᠯᠴᠠᠬᠤ ᠵᠡᠷᠭᠡ ᠠᠰᠠᠭᠤᠳ᠋ᠠᠯ ᠢ ᠲᠠᠢ᠌ᠯᠪᠤᠷᠢ᠍ᠯᠡᠨ ᠦᠭ᠍ᠴᠦ᠂ ᠨᠠᠮ ᠤᠨ ᠲᠡᠦᠬᠡ ᠶᠢᠨ ᠠᠮᠢ᠍ᠳ᠋ᠤᠯᠢ᠍ᠭ ᠰᠠᠢ᠌ᠬᠠᠨ ᠦᠯᠢ᠍ᠭᠡᠷ ᠶᠢᠡᠷ ᠤᠯᠠᠨ ᠢ ᠲᠠᠭᠠᠭᠤᠯᠤᠨ ᠨᠠᠮ ᠤᠨ ᠵᠠᠭᠤᠨ ᠵᠢᠯ ᠤᠨ ᠲᠡᠦᠬᠡ ᠶᠢ ᠲᠠᠬᠢᠨ ᠡᠷᠭᠢᠴᠡᠭᠦᠯᠪᠡ᠃

       
             ᠡᠦ ᠴᠢ᠍ᠩ ᠬᠠᠢ ᠡᠴᠡ᠂ ᠨᠠᠮ ᠤᠨ ᠭᠡᠰᠢ᠍ᠭᠦᠨ ᠤ ᠬᠦᠳ᠋ᠦᠯᠦᠨ ᠲᠠᠭᠠᠭᠤᠯᠬᠤ ᠵᠢᠱᠢ᠍ᠶᠡᠴᠢ ᠦᠢ᠍ᠯᠡᠳ᠋ᠦᠯ ᠢ ᠬᠦᠢ᠍ᠴᠡᠳ ᠪᠠᠳ᠋ᠠᠷᠠᠭᠤᠯᠵᠤ᠂ ᠤᠯᠠᠨ ᠲᠦ᠋ᠮᠡᠨ ᠤ ᠬᠦᠴᠢ᠍ᠷ ᠠᠰᠠᠭᠤᠳ᠋ᠠᠯ ᠢ ᠰᠢ᠌ᠳᠪᠤᠷᠢ᠍ᠯᠡᠨ᠂ ᠪᠤᠳ᠋ᠠᠳ᠋ᠤ ᠶᠠᠪᠤᠳ᠋ᠠᠯ ᠬᠢᠵᠦ ᠦᠭ‍ᠬᠦ ᠪᠠᠷ ᠴᠢ᠍ᠷᠮᠠᠢ᠌ᠨ᠂ ᠤᠯᠠᠨ ᠲᠦ᠋ᠮᠡᠨ ᠤ ᠪᠢᠴᠢ᠍ᠮ ᠲᠤᠯᠭᠠᠮ ᠬᠦᠰᠡᠵᠦ ᠰᠠᠨᠠᠵᠤ ᠪᠠᠢ᠌ᠭ᠎ᠠ ᠵᠦ᠋ᠢ᠍ᠯ ᠢ ᠤᠢ᠌ᠯᠠᠭᠠᠵᠤ᠂ ᠴᠠᠭ ᠲᠤᠬᠠᠢ ᠲᠤᠨᠢ ᠦᠨᠡᠨ ᠪᠤᠳ᠋ᠠᠳ᠋ᠠᠢ ᠪᠠᠢ᠌ᠳ᠋ᠠᠯ ᠢ ᠡᠵᠡᠮᠰᠢ᠍ᠨ᠂ ᠠᠷᠠᠳ ᠤᠨ ᠪᠠᠢ᠌ᠳ᠋ᠠᠯ ᠠᠷᠠᠳ ᠤᠨ ᠰᠠᠨᠠᠭ᠎ᠠ ᠶᠢ ᠲᠤᠰᠬᠠᠵᠤ᠂ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠪᠤᠯᠤᠨ ᠦᠨᠳ᠋ᠦᠰᠦᠳ᠋ᠡᠨ ᠤ ᠪᠦᠯᠬᠦᠮᠳ᠋ᠡᠯ ᠲᠠᠪᠰᠢ᠍ᠯᠳ᠋ᠡ ᠶᠢ ᠠᠬᠢᠭᠤᠯᠬᠤ ᠰᠠᠢ᠌ᠨ ᠤᠬᠠᠭᠤᠯᠬᠤ ᠶᠢᠨ ᠭᠡᠰᠢ᠍ᠭᠦᠨ ᠪᠤᠯᠵᠤ᠂ ᠬᠢᠯᠪᠠᠷ ᠪᠤᠰᠤ ᠪᠠᠷ ᠤᠯᠤᠭᠰᠠᠨ ᠡᠶ᠎ᠠ ᠵᠤᠬᠢᠴᠡᠯ ᠲᠤᠭᠳ᠋ᠠᠭᠤᠨ ᠪᠤᠯᠤᠨ ᠪᠦᠯᠬᠦᠮᠳ᠋ᠡᠯ ᠲᠠᠪᠰᠢ᠍ᠯᠳ᠋ᠡ ᠶᠢᠨ ᠨᠡᠢ᠌ᠭᠡᠮ ᠤᠨ ᠪᠠᠢ᠌ᠳ᠋ᠠᠯ ᠢ ᠰᠠᠢ᠌ᠳ᠋ᠦᠷ ᠬᠠᠮᠠᠭᠠᠯᠠᠨ ᠪᠡᠬᠢᠵᠢ᠍ᠭᠦᠯᠦᠨ᠂ ᠮᠠᠨ ᠤ ᠰᠠᠢ᠌ᠨ ᠰᠠᠢ᠌ᠬᠠᠨ ᠭᠡᠷ ᠤᠷᠤᠨ ᠶᠢᠡᠨ ᠬᠠᠮᠳ᠋ᠤᠪᠠᠷ ᠰᠠᠢ᠌ᠳ᠋ᠦᠷ ᠪᠦᠳ᠋ᠦᠭᠡᠨ ᠪᠠᠢ᠌ᠭᠤᠯᠵᠤ᠂ ᠴᠤᠭ ᠪᠠᠳ᠋ᠠᠷᠩᠭ᠋ᠤᠢ ᠤᠶᠤᠨ ᠰᠠᠨᠠᠭᠠᠨ ᠤ ᠲᠦ᠋ᠷᠰᠦ ᠪᠠᠢ᠌ᠳ᠋ᠠᠯ᠂ ᠪᠤᠳ᠋ᠠᠳ᠋ᠠᠢ ᠶᠢ ᠡᠷᠬᠢᠮᠯᠡᠬᠦ ᠠᠵᠢ᠍ᠯ ᠤᠨ ᠰᠤᠷᠳ᠋ᠠᠯ ᠶᠢᠡᠷ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠢ ᠯᠠᠪᠳ᠋ᠠᠭᠤᠨ ᠪᠠᠳ᠋ᠤᠳ᠋ᠠᠢ ᠠᠬᠢᠭᠤᠯᠤᠨ᠂ ᠰᠢ᠍ᠯᠢ᠍ᠳ᠋ᠡᠭ᠌ ᠠᠮᠵᠢ᠍ᠯᠳ᠋ᠡ ᠪᠠᠷ ᠨᠠᠮ ᠪᠠᠢ᠌ᠭᠤᠯᠤᠭᠳ᠋ᠠᠭᠰᠠᠨ 100 ᠵᠢᠯ ᠤᠨ ᠤᠢ ᠶᠢ ᠤᠭᠳ᠋ᠤᠶ᠎ᠠ ᠭᠡᠵᠦ ᠴᠢ᠍ᠩᠭ᠋ᠠᠳᠬᠠᠵᠠᠢ᠃

       
             ᠨᠠᠮ ᠤᠨ ᠬᠢᠴᠢ᠍ᠶᠡᠯ ᠤᠨ ᠠᠵᠢ᠍ᠯᠯᠠᠭ᠎ᠠ ᠲᠠᠭᠤᠰᠤᠭᠰᠠᠨ ᠤ ᠲᠠᠷᠠᠭ᠎ᠠ᠂ ᠡᠦ ᠴᠢ᠍ᠩ ᠬᠠᠢ ᠪᠠᠰᠠ ᠪᠠᠯᠭᠠᠰᠤᠨ ᠤ ᠨᠠᠮ ᠵᠠᠰᠠᠭ ᠤᠨ ᠭᠤᠤᠯ ᠤᠳ᠋ᠤᠷᠢ᠍ᠳ᠋ᠤᠯᠭ᠎ᠠ ᠪᠤᠯᠤᠨ ᠭᠠᠴᠠᠭᠠᠨ ᠤ《ᠬᠤᠶᠠᠷ ᠵᠦ᠋ᠪᠯᠡᠯ》᠊ᠤᠨ ᠤᠳ᠋ᠦᠷᠢ᠍ᠳᠬᠤ ᠪᠠᠭ ᠤᠨ ᠪᠦᠷᠢ᠍ᠯᠳ᠋ᠦᠭᠦᠨ ᠳᠠᠢ ᠭᠦᠨᠵᠡᠭᠡᠢ ᠶᠠᠷᠢ᠍ᠯᠴᠡᠨ᠂ ᠮᠠᠯᠴᠢ᠍ᠨ ᠲᠠᠷᠢ᠍ᠶᠠᠴᠢ᠍ᠨ ᠤ ᠦᠢ᠍ᠯᠡᠳᠪᠦᠷᠢ᠍ᠯᠡᠯ ᠠᠮᠢ᠍ᠳ᠋ᠤᠷᠠᠯ ᠤᠨ ᠪᠠᠢ᠌ᠳ᠋ᠠᠯ᠂ ᠠᠮᠢ ᠠᠬᠤᠢ ᠤᠷᠴᠢ᠍ᠨ ᠲᠤᠭᠤᠷᠢ᠍ᠨ ᠤ ᠵᠠᠰᠠᠯᠳ᠋ᠠ ᠵᠢᠴᠢ ᠠᠮᠢ᠍ᠳ᠋ᠤᠷᠠᠯ ᠨᠢ ᠬᠦᠴᠢ᠍ᠷᠳ᠋ᠠᠢ ᠡᠷᠦᠭᠡ ᠶᠢᠨ ᠤᠳ᠋ᠤᠬᠢ ᠪᠠᠢ᠌ᠳ᠋ᠠᠯ ᠢ ᠤᠢ᠌ᠯᠠᠭᠠᠬᠤ ᠶᠢᠨ ᠬᠠᠮᠳ᠋ᠤ ᠲᠠᠷᠠᠭᠠᠴᠢ ᠶᠢᠨ ᠠᠯᠬᠤᠮ ᠤᠨ ᠭᠤᠤᠯᠳ᠋ᠠᠯᠭ᠎ᠠ ᠲᠡᠶ ᠠᠵᠢ᠍ᠯ ᠳᠤ ᠪᠤᠳ᠋ᠠᠳ᠋ᠠᠢ ᠱᠠᠭᠠᠷᠳ᠋ᠠᠯᠭ᠎ᠠ ᠲᠤᠷᠠᠳ᠋ᠤᠵᠠᠢ᠃(ᠯᠸᠢ ᠫᠠᠩ)


ᠡᠮᠦᠨᠡᠬᠢ᠄ ᠬᠤᠳ᠋ᠠ ᠶᠢᠨ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠨᠢ᠋ᠮᠠᠳ᠋ᠤᠭᠠᠷ ᠪᠠᠢ᠌ᠴᠠᠭᠠᠨ ᠵᠢᠯᠤᠭᠤᠳᠬᠤ ᠲᠤᠭᠤᠢ᠌ᠯᠠᠩ ᠤᠨ ᠬᠢᠨ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠦᠷᠨᠢᠭᠦᠯᠦᠭ᠍ᠰᠡᠨ ᠪᠠᠢ᠌ᠳ᠋ᠠᠯ ᠢ ᠪᠠᠢ᠌ᠴᠠᠭᠠᠨ ᠵᠢᠯᠤᠭᠤᠳᠪᠠ
ᠳᠠᠷᠠᠭᠠᠬᠢ᠄ ᠰᠦᠩ ᠯᠢ᠍ᠶᠠᠨ ᠡᠾᠦ᠋ᠢ ᠦᠨᠳ᠋ᠦᠰᠦᠨ ᠱᠠᠳ᠋ᠤᠨ ᠤ ᠨᠠᠮ ᠤᠨ ᠭᠡᠰᠢ᠍ᠭᠦᠨ ᠺᠠᠳ᠋ᠷᠴᠤᠳ ᠲᠤ ᠨᠠᠮ ᠤᠨ ᠬᠢᠴᠢ᠍ᠶᠡᠯ ᠤᠷᠤᠪᠠ