ᠤᠳᠤ ᠶᠢᠨ ᠪᠠᠢ᠌ᠷᠢ᠄ ᠴᠢᠬᠤᠯᠠ ᠮᠡᠳᠡᠭᠡ → ᠡᠦ ᠴᠢ᠍ᠩ ᠬᠠᠢ ᠭᠠᠳ᠋ᠠᠰᠤ ᠦᠷᠡᠰ ᠮᠠᠯ ᠢ᠁
ᠡᠦ ᠴᠢ᠍ᠩ ᠬᠠᠢ ᠭᠠᠳ᠋ᠠᠰᠤ ᠦᠷᠡᠰ ᠮᠠᠯ ᠢ ᠦᠷᠡᠵᠢ᠍ᠭᠦᠯᠦᠨ ᠪᠤᠢ᠌ᠵᠢ᠍ᠭᠤᠯᠬᠤ ᠲᠦ᠋ᠪ ᠤᠨ ᠠᠵᠢ᠍ᠯ ᠢ ᠪᠠᠢ᠌ᠴᠠᠭᠠᠨ ᠵᠢᠯᠤᠭᠤᠳ᠋ᠤᠪᠠ


        
              5 ᠰᠠᠷ᠎ᠠ ᠶᠢᠨ 7 ᠊ᠦ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠡᠷᠬᠢᠯᠡᠭ᠍ᠴᠢ ᠡᠦ ᠴᠢ᠍ᠩ ᠬᠠᠢ ᠭᠠᠳ᠋ᠠᠰᠤ ᠦᠷᠡᠰ ᠮᠠᠯ ᠢ ᠦᠷᠡᠵᠢ᠍ᠭᠦᠯᠦᠨ ᠪᠤᠢ᠌ᠵᠢ᠍ᠭᠤᠯᠬᠤ ᠲᠦ᠋ᠪ ᠲᠤ ᠬᠦᠷᠴᠦ ᠠᠮᠢ ᠠᠬᠤᠢ ᠶᠢᠨ ᠬᠠᠮᠠᠭᠠᠯᠠᠯᠳ᠋ᠠ᠂ ᠬᠦᠳ᠋ᠡᠭᠡ ᠲᠤᠰᠬᠤᠨ ᠢ ᠬᠦᠭ᠍ᠵᠢ᠍ᠭᠦᠯᠦᠨ ᠮᠠᠨᠳ᠋ᠤᠭᠤᠯᠬᠤ᠂ ᠤᠳ᠋ᠤ ᠦᠶ᠎ᠠ ᠶᠢᠨ ᠮᠠᠯ ᠠᠵᠤ ᠠᠬᠤᠢ ᠶᠢᠨ ᠪᠦᠳ᠋ᠦᠭᠡᠨ ᠪᠠᠢ᠌ᠭᠤᠯᠤᠯᠳ᠋ᠠ ᠵᠡᠷᠭᠡ ᠭᠤᠤᠯᠳ᠋ᠠᠯᠭ᠎ᠠ ᠲᠡᠶ ᠠᠵᠢ᠍ᠯ ᠢ ᠪᠠᠢ᠌ᠴᠠᠭᠠᠨ ᠵᠢᠯᠤᠭᠤᠳᠴᠦ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠲᠡᠳ᠋ ᠡᠷᠬᠢᠯᠡᠭ᠍ᠴᠢ ᠦᠷᠡᠪᠠᠳ᠋ᠦ ᠵᠢᠴᠢ ᠭᠠᠳ᠋ᠠᠰᠤ ᠦᠷᠡᠰ ᠮᠠᠯ ᠢ ᠦᠷᠡᠵᠢ᠍ᠭᠦᠯᠦᠨ ᠪᠤᠢ᠌ᠵᠢ᠍ᠭᠤᠯᠬᠤ ᠲᠦ᠋ᠪ ᠤᠨ ᠬᠠᠮᠢ᠍ᠶ᠎ᠠ ᠪᠦᠬᠦᠢ ᠬᠠᠷᠢ᠍ᠭᠤᠴᠠᠯᠭᠠᠳ᠋ᠠᠨ ᠪᠠᠷ᠎ᠠ ᠪᠤᠯᠵᠤ ᠪᠠᠢ᠌ᠴᠠᠭᠠᠪᠠ᠃

       


       
              ᠡᠦ ᠴᠢ᠍ᠩ ᠬᠠᠢ ᠨᠡᠷ ᠦᠷᠡᠰ ᠮᠠᠯ ᠢ ᠦᠷᠡᠵᠢ᠍ᠭᠦᠯᠦᠨ ᠪᠤᠢ᠌ᠵᠢ᠍ᠭᠤᠯᠬᠤ ᠲᠦ᠋ᠪ ᠲᠤ ᠬᠦᠷᠦᠭ᠍ᠰᠡᠨ ᠭᠠᠵᠠᠷ ᠪᠤᠯᠭᠠᠨ ᠺᠠᠳ᠋ᠷ ᠠᠵᠢ᠍ᠯᠳ᠋ᠠᠨ ᠪᠤᠯᠤᠨ ᠴᠠᠭᠠᠨ ᠢᠳ᠋ᠡᠭᠡᠨ ᠪᠤᠯᠪᠠᠰᠤᠷᠠᠭᠤᠯᠬᠤ ᠡᠷᠦᠭᠡ᠂ ᠲᠡᠵᠢ᠍ᠭᠡᠪᠦᠷᠢ ᠶᠢᠨ ᠲᠤᠰᠬᠠᠢ ᠡᠷᠦᠬᠡ ᠲᠡᠶ ᠲᠤᠳ᠋ᠤᠨᠤᠰᠤᠭ ᠶᠠᠷᠢ᠍ᠯᠴᠡᠨ᠂ ᠰᠠᠢ᠌ᠨ ᠦᠷ᠎ᠠ ᠶᠢ ᠲᠡᠵᠢ᠍ᠭᠡᠨ ᠦᠷᠡᠵᠢ᠍ᠭᠦᠯᠬᠦ᠂ ᠲᠡᠵᠢ᠍ᠭᠡᠨ ᠦᠷᠡᠵᠢ᠍ᠭᠦᠯᠬᠦ ᠬᠠᠮᠢ᠍ᠶᠠᠷᠤᠯᠳ᠋ᠠ᠂ ᠡᠪᠡᠰᠦ ᠪᠤᠷᠳ᠋ᠤᠭ᠎ᠠ ᠶᠢᠨ ᠪᠠᠳ᠋ᠤᠯᠠᠭ᠎ᠠ᠂ ᠴᠠᠭᠠᠨ ᠢᠳ᠋ᠡᠭᠡᠨ ᠬᠢᠵᠦ ᠪᠤᠷᠤᠯᠠᠭᠤᠯᠬᠤ ᠵᠢᠴᠢ ᠠᠮᠢ ᠠᠬᠤᠢ ᠶᠢᠨ ᠬᠠᠮᠠᠭᠠᠯᠠᠯᠳ᠋ᠠ᠂ ᠤᠷᠴᠢ᠍ᠨ ᠲᠤᠭᠤᠷᠢ᠍ᠨ ᠤ ᠡᠷᠡᠭᠦᠯ ᠬᠠᠮᠠᠭᠠᠯᠠᠯ ᠤᠨ ᠴᠡᠭ᠍ᠴᠡᠯᠡᠨ ᠵᠠᠰᠠᠬᠤ ᠵᠡᠷᠭᠡ ᠲᠠᠯ᠎ᠠ ᠪᠠᠷ ᠨᠠᠷᠢ᠍ᠨ ᠦᠢ᠍ᠯᠠᠭᠠᠪᠠ᠃

       


       
              ᠡᠦ ᠴᠢ᠍ᠩ ᠬᠠᠢ ᠡᠴᠡ᠂ ᠭᠠᠳ᠋ᠠᠰᠤ ᠦᠷᠡᠰ ᠮᠠᠯ ᠢ ᠦᠷᠡᠵᠢ᠍ᠭᠦᠯᠦᠨ ᠪᠤᠢ᠌ᠵᠢ᠍ᠭᠤᠯᠬᠤ ᠲᠦ᠋ᠪ ᠰᠠᠢ᠌ᠨ ᠡᠭᠦᠯᠳ᠋ᠡᠷ ᠢ ᠲᠡᠵᠢ᠍ᠭᠡᠨ ᠦᠷᠡᠵᠢ᠍ᠭᠦᠯᠬᠦ ᠰᠢ᠍ᠰᠲ᠋ᠸᠮ ᠤᠨ ᠪᠠᠢ᠌ᠭᠤᠯᠤᠯᠳ᠋ᠠ ᠶᠢ ᠴᠢ᠍ᠩᠭ᠋ᠠᠳᠬᠠᠨ᠂ ᠮᠠᠯ ᠤᠨ ᠰᠠᠢ᠌ᠨ ᠡᠭᠦᠯᠳ᠋ᠡᠷ᠂ ᠠᠷᠠᠴᠢ᠍ᠯᠡᠨ ᠲᠡᠵᠢ᠍ᠭᠡᠬᠦ ᠰᠠᠢ᠌ᠨ ᠮᠡᠷᠭᠡᠵᠢ᠍ᠯ᠂ ᠬᠠᠮᠢ᠍ᠶᠠᠷᠤᠯᠳ᠋ᠠ ᠶᠢᠨ ᠰᠠᠢ᠌ᠨ ᠠᠷᠭ᠎ᠠ ᠶᠢ ᠤᠷᠤᠭᠤᠯᠤᠨ ᠠᠪᠴᠢ᠍ᠷᠠᠬᠤ᠂ ᠲᠤᠷᠰᠢ᠍ᠯᠳ᠋ᠡ ᠬᠢᠬᠦ ᠪᠠ ᠵᠢᠱᠢ᠍ᠶ᠎ᠠ ᠦᠵᠡᠭᠦᠯᠦᠨ ᠲᠡᠯᠭᠡᠷᠡᠭᠦᠯᠬᠦ ᠡᠷᠴᠢ᠍ᠮ ᠶᠢᠡᠨ ᠤᠯᠠᠮ ᠨᠢ᠍ᠭᠡ ᠠᠯᠬᠤᠮ ᠴᠢ᠍ᠩᠭ᠋ᠠᠷᠠᠭᠤᠯᠵᠤ᠂ ᠤᠷᠤᠨ ᠨᠤᠳ᠋ᠤᠭ ᠤᠨ ᠰᠠᠢ᠌ᠨ ᠡᠭᠦᠯᠳ᠋ᠡᠷ ᠤᠨ ᠬᠦᠭ᠍ᠵᠢ᠍ᠯᠳ᠋ᠡ ᠶᠢ ᠲᠠᠰᠤᠷᠠᠯᠳ᠋ᠠ ᠦᠭᠡᠶ ᠲᠦ᠋ᠷᠭᠡᠳᠭᠡᠨ᠂ ᠪᠠᠷᠢ᠍ᠮᠵᠢ᠍ᠶᠠᠵᠢ᠍ᠭᠰᠠᠨ ᠬᠡᠪᠴᠢ᠍ᠶᠡᠳ᠋ᠦ ᠲᠡᠵᠢ᠍ᠭᠡᠨ ᠦᠷᠡᠵᠢ᠍ᠭᠦᠯᠬᠦ ᠰᠠᠭᠤᠷᠢ᠍ᠨ ᠭᠠᠵᠠᠷ ᠤᠨ ᠪᠦᠳ᠋ᠦᠭᠡᠨ ᠪᠠᠢ᠌ᠭᠤᠯᠤᠯᠳ᠋ᠠ ᠶᠢ ᠴᠢ᠍ᠩᠭ᠋ᠠᠳᠭᠠᠵᠤ᠂ ᠠᠵᠤ ᠦᠢ᠍ᠯᠡᠰ ᠤᠨ ᠬᠡᠯᠪᠡᠷᠢ ᠶᠢ ᠬᠤᠪᠢᠷᠠᠭᠤᠯᠤᠨ ᠲᠡᠰ ᠲᠡᠪᠰᠢ᠍ᠭᠦᠯᠬᠦ᠂ ᠶᠠᠰᠦ ᠴᠢ᠍ᠨᠠᠷ ᠢ ᠲᠡᠭᠡᠭ᠍ᠰᠢ᠍ᠯᠡᠭᠦᠯᠦᠨ ᠦᠷ᠎ᠠ ᠠᠰᠢ᠍ᠭ ᠢ ᠨᠡᠮᠡᠭ᠍ᠳ᠋ᠡᠭᠦᠯᠬᠦ ᠶᠢ ᠠᠬᠢᠭᠤᠯᠤᠨ᠂ ᠤᠳ᠋ᠤᠬᠢᠴᠢ᠍ᠯᠠᠭᠰᠠᠨ ᠮᠠᠯ ᠠᠵᠤ ᠠᠬᠤᠢ ᠶᠢᠨ ᠬᠦᠭ᠍ᠵᠢ᠍ᠯᠳ᠋ᠡ ᠶᠢᠨ ᠰᠠᠭᠤᠷᠢ ᠶᠢ ᠪᠠᠳ᠋ᠤᠳᠬᠠᠵᠤ᠂ ᠲᠡᠵᠢ᠍ᠭᠡᠨ ᠦᠷᠡᠵᠢ᠍ᠭᠦᠯᠬᠦ ᠡᠷᠦᠭᠡ ᠶᠢᠨ ᠦᠬᠡᠷ ᠤᠨ ᠠᠵᠤ ᠦᠢ᠍ᠯᠡᠰ ᠪᠠ ᠴᠢ᠍ᠨᠠᠷ ᠰᠠᠢ᠌ᠳ᠋ᠠᠢ ᠴᠠᠭᠠᠨ ᠢᠳ᠋ᠡᠭᠡᠨ ᠤ ᠠᠵᠢ ᠦᠢ᠍ᠯᠡᠰ ᠢ ᠬᠦᠭ᠍ᠵᠢ᠍ᠭᠦᠯᠬᠦ ᠶᠢ ᠵᠤᠷᠢ᠍ᠭᠵᠢ᠍ᠭᠤᠯᠤᠨ ᠲᠡᠮᠵᠢ᠍ᠵᠤ᠂ ᠠᠮᠢ ᠠᠬᠤᠢ ᠶᠢᠨ ᠬᠡᠯᠪᠡᠷᠢ ᠶᠢᠨ᠂ ᠦᠷ᠎ᠠ ᠠᠰᠢ᠍ᠭᠳ᠋ᠤ ᠬᠡᠯᠪᠡᠷᠢ ᠶᠢᠨ ᠤᠳ᠋ᠤ ᠦᠶ᠎ᠠ ᠶᠢᠨ ᠮᠠᠯ ᠠᠵᠤ ᠠᠬᠤᠢ ᠶᠢ ᠬᠦᠴᠦᠯᠡᠨ ᠬᠦᠭ᠍ᠵᠢ᠍ᠭᠦᠯᠵᠦ᠂ ᠠᠵᠤ ᠦᠢ᠍ᠯᠡᠰ ᠢ ᠬᠡᠯᠬᠢᠶ᠎ᠠ ᠶᠢ ᠤᠷᠳ᠋ᠤᠳᠬᠠᠨ᠂ ᠴᠠᠭᠠᠨ ᠢᠳ᠋ᠡᠭᠡᠨ ᠤ ᠨᠡᠮᠡᠯᠳ᠋ᠡ ᠦᠷᠳ᠋ᠡᠭ᠌ ᠢ ᠲᠡᠭᠡᠭ᠍ᠰᠢ᠍ᠯᠡᠭᠦᠯᠬᠦ ᠶᠢᠨ ᠬᠠᠮᠳ᠋ᠦ ᠡᠭᠦᠯᠳ᠋ᠡᠷ ᠰᠠᠢ᠌ᠵᠢ᠍ᠷᠠᠭᠤᠯᠬᠤ᠂ ᠴᠦ᠋ᠬᠡᠨ ᠲᠡᠵᠢ᠍ᠭᠡᠵᠦ ᠨᠠᠷᠢ᠍ᠯᠢ᠍ᠭ ᠠᠷᠠᠴᠢ᠍ᠯᠠᠬᠤ ᠪᠠᠷ ᠲᠠᠮᠵᠢ᠍ᠭᠤᠯᠤᠨ᠂ ᠲᠡᠵᠢ᠍ᠭᠡᠨ ᠦᠷᠡᠵᠢ᠍ᠭᠦᠯᠬᠦ ᠦᠷ᠎ᠠ ᠠᠰᠢ᠍ᠭ ᠢ ᠲᠡᠭᠡᠭ᠍ᠰᠢ᠍ᠯᠡᠭᠦᠯᠵᠦ᠂ ᠪᠦᠬᠦ ᠠᠵᠢ᠍ᠯᠳ᠋ᠠᠨ ᠤ ᠤᠷᠤᠯᠭ᠎ᠠ ᠶᠢ ᠨᠡᠮᠡᠭ᠍ᠳ᠋ᠡᠭᠦᠯᠵᠦ ᠴᠢ᠍ᠨᠡᠭᠡᠯᠢ᠍ᠭ᠍ᠵᠢ᠍ᠬᠤ ᠶᠢ ᠠᠬᠢᠭᠤᠯᠬᠤ ᠬᠡᠷᠡᠭ᠍ᠳ᠋ᠠᠢ ᠭᠡᠵᠦ ᠴᠢ᠍ᠬᠤᠯᠠᠴᠢ᠍ᠯᠠᠪᠠ᠃(ᠯᠸᠢ ᠫᠠᠩ)


ᠡᠮᠦᠨᠡᠬᠢ᠄ ᠰᠦᠩ ᠯᠢ᠍ᠶᠠᠨ ᠡᠾᠦ᠋ᠢ ᠦᠨᠳ᠋ᠦᠰᠦᠨ ᠱᠠᠳ᠋ᠤᠨ ᠤ ᠨᠠᠮ ᠤᠨ ᠭᠡᠰᠢ᠍ᠭᠦᠨ ᠺᠠᠳ᠋ᠷᠴᠤᠳ ᠲᠤ ᠨᠠᠮ ᠤᠨ ᠬᠢᠴᠢ᠍ᠶᠡᠯ ᠤᠷᠤᠪᠠ
ᠳᠠᠷᠠᠭᠠᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠬᠢᠨ ᠲᠦ᠋ᠪ ᠤᠨ ᠲᠤᠭᠤᠷᠢ᠍ᠨ ᠪᠠᠢ᠌ᠴᠠᠭᠠᠯᠳ᠋ᠠ ᠶᠢᠨ ᠬᠠᠷᠢ᠍ᠭᠤ ᠲᠤᠰᠬᠠᠭᠰᠠᠨ ᠰᠠᠨᠠᠯ ᠶᠢᠡᠷ ᠴᠡᠭ᠍ᠴᠡᠯᠡᠨ ᠰᠠᠢ᠌ᠵᠢ᠍ᠷᠠᠭᠤᠯᠵᠤ ᠨᠠᠢ᠌ᠳ᠋ᠠᠪᠤᠷᠢ᠍ᠵᠢ᠍ᠭᠤᠯᠬᠤ ᠠᠵᠢ᠍ᠯ ᠤᠨ ᠪᠠᠢ᠌ᠷᠢ᠍ᠯᠠᠭᠤᠯᠤᠯᠳ᠋ᠠ ᠶᠢᠨ ᠬᠤᠷᠠᠯ ᠢ ᠵᠤᠬᠢᠶᠠᠨ ᠪᠠᠢ᠌ᠭᠤᠯᠵᠤ ᠬᠤᠷᠠᠯᠳ᠋ᠤᠭᠤᠯᠪᠠ