ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ᠁
ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠰᠤᠷᠭᠠᠨ ᠬᠦᠮᠦᠵᠢᠯ ᠤᠨ ᠬᠠᠦᠯᠢ》ᠲᠤᠭᠤᠰᠢᠯᠠᠭᠤᠯᠤᠨ ᠨᠠᠢ᠌ᠳ᠋ᠠᠪᠤᠷᠢᠵᠢᠭᠤᠯᠤᠭᠰᠠᠨ ᠪᠠᠢ᠌ᠳ᠋ᠠᠯ ᠤᠨ ᠲᠤᠬᠠᠢ ᠬᠠᠦᠯᠢ ᠬᠡᠷᠡᠭ᠍ᠵᠢᠭᠦᠯᠦᠯᠳ᠋ᠡ ᠶᠢᠨ ᠪᠠᠢ᠌ᠴᠠᠭᠠᠯᠳ᠋ᠠ ᠬᠢᠪᠡ


        
              5 ᠰᠠᠷ᠎ᠠ ᠶᠢᠨ 13 ᠊ᠦ ᠡᠳ᠋ᠦᠷ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠰᠤᠷᠭᠠᠨ ᠬᠦᠮᠦᠵᠢᠯ ᠤᠨ ᠬᠠᠦᠯᠢ ᠲᠤᠭᠤᠰᠢᠯᠠᠭᠤᠯᠤᠨ ᠨᠠᠢ᠌ᠳ᠋ᠠᠪᠤᠷᠢᠵᠢᠭᠤᠯᠤᠭᠰᠠᠨ ᠪᠠᠢ᠌ᠳ᠋ᠠᠯ ᠤᠨ ᠲᠤᠬᠠᠢ ᠬᠠᠦᠯᠢ ᠬᠡᠷᠡᠭ᠍ᠵᠢᠭᠦᠯᠦᠯᠳ᠋ᠡ ᠶᠢᠨ ᠪᠠᠢ᠌ᠴᠠᠭᠠᠯᠳ᠋ᠠ ᠬᠢᠵᠦ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠰᠦ᠋ᠩ ᠯᠢᠶᠠᠨ ᠡᠾᠦ᠋ᠢ ᠵᠢᠴᠢ ᠬᠡᠰᠡᠭ᠌ ᠬᠤᠰᠢᠭᠤᠨ ᠱᠠᠳ᠋ᠤᠨ ᠤ ᠲᠦ᠋ᠯᠦᠭᠡᠯᠡᠭ᠍ᠴᠢ ᠪᠠ ᠬᠠᠮᠢᠶ᠎ᠠ ᠪᠦᠬᠦᠢ ᠬᠠᠷᠢᠭᠤᠴᠠᠯᠭᠠᠳ᠋ᠠᠨ ᠤᠷᠤᠯᠴᠠᠪᠠ᠃

       

        ᠬᠠᠦᠯᠢ ᠬᠡᠷᠡᠭ᠍ᠵᠢᠭᠦᠯᠦᠯᠳ᠋ᠡ ᠶᠢᠨ ᠪᠠᠢ᠌ᠴᠠᠭᠠᠬᠤ ᠲᠤᠭᠤᠢ᠌ᠯᠠᠩ ᠤᠨ ᠬᠢᠨ ᠤᠷᠢᠳ ᠬᠤᠵᠢᠳ ᠵᠠᠷᠤᠳ ᠬᠤᠰᠢᠭᠤᠨ ᠤ ᠲᠤᠷᠰᠢᠯᠳ᠋ᠡ ᠶᠢᠨ ᠪᠠᠭ᠎ᠠ ᠰᠤᠷᠭᠠᠭᠤᠯᠢ᠂ ᠵᠠᠷᠣᠳ ᠬᠤᠰᠢᠭᠤᠨ ᠤ ᠮᠤᠩᠭ᠋ᠤᠯ ᠬᠤᠶᠠᠳ᠋ᠤᠭᠠᠷ ᠲᠤᠮᠳ᠋ᠠᠳ᠋ᠤ ᠰᠤᠷᠭᠠᠭᠤᠯᠢ ᠳᠤ ᠬᠦᠷᠴᠦ᠂ ᠲᠤᠬᠠᠢ ᠶᠢᠨ ᠭᠠᠵᠠᠷ ᠲᠤᠨᠢ ᠪᠠᠢ᠌ᠴᠠᠭᠠᠨ ᠦᠵᠡᠬᠦ ᠪᠠ ᠬᠠᠷᠢᠭᠤ ᠮᠡᠳ᠋ᠡᠭᠦᠯᠦᠯᠳ᠋ᠡ ᠶᠢ ᠰᠤᠨᠤᠰᠬᠤ ᠵᠡᠷᠭᠡ ᠬᠡᠯᠪᠡᠷᠢ ᠪᠠᠢ ᠲᠠᠮᠵᠢᠨ ᠮᠠᠨ ᠤ ᠬᠤᠰᠢᠭᠤᠨ ᠤ《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠰᠤᠷᠭᠠᠨ ᠬᠦᠮᠦᠵᠢᠯ ᠤᠨ ᠬᠠᠦᠯᠢ》ᠵᠢ ᠲᠤᠭᠤᠰᠢᠯᠠᠭᠤᠯᠤᠨ ᠨᠠᠢ᠌ᠳ᠋ᠠᠪᠤᠷᠢᠵᠢᠭᠤᠯᠤᠭᠰᠠᠨ ᠪᠠᠢ᠌ᠳ᠋ᠠᠯ᠂ ᠬᠠᠮᠢᠶ᠎ᠠ ᠪᠦᠬᠦᠢ ᠬᠠᠦᠯᠢ ᠴᠠᠭᠠᠵᠠ ᠬᠠᠦᠯᠢ ᠲᠤᠭᠳ᠋ᠠᠭᠠᠯ ᠤᠨ ᠰᠤᠷᠤᠯᠴᠠᠯᠭ᠎ᠠ ᠶᠢᠨ ᠪᠠᠢ᠌ᠳ᠋ᠠᠯ ᠵᠢᠴᠢ ᠤᠷᠤᠰᠢᠵᠤ ᠪᠠᠢ᠌ᠭ᠎ᠠ ᠠᠰᠠᠭᠤᠳ᠋ᠠᠯ ᠢ ᠨᠠᠷᠢᠨ ᠤᠢ᠌ᠯᠠᠭᠠᠪᠠ᠃


       

        ᠬᠠᠦᠯᠢ ᠬᠡᠷᠡᠭ᠍ᠵᠢᠭᠦᠯᠦᠯᠳ᠋ᠡ ᠶᠢᠨ ᠪᠠᠢ᠌ᠴᠠᠭᠠᠬᠤ ᠲᠤᠭᠤᠢ᠌ᠯᠠᠩ ᠡᠴᠡ᠂ ᠬᠠᠦᠯᠢ ᠬᠡᠷᠡᠭ᠍ᠵᠢᠭᠦᠯᠦᠯᠳ᠋ᠡ ᠶᠢᠨ ᠪᠠᠢ᠌ᠴᠠᠭᠠᠯᠳ᠋ᠠ ᠪᠤᠯ ᠮᠠᠨ ᠤ ᠬᠤᠰᠢᠭᠤᠨ ᠤ ᠰᠤᠷᠭᠠᠨ ᠬᠦᠮᠦᠵᠢᠯ ᠤᠨ ᠲᠦ᠋ᠷᠭᠡᠨ ᠬᠦᠭ᠍ᠵᠢᠯᠳ᠋ᠡ ᠶᠢ ᠠᠬᠢᠭᠤᠯᠬᠤ ᠪᠦᠳ᠋ᠦᠮᠵᠢᠳ᠋ᠠᠢ ᠠᠷᠭ᠎ᠠ ᠠᠪᠴᠡᠯ ᠪᠠᠢᠢᠵᠤ᠂ ᠰᠤᠷᠭᠠᠨ ᠬᠦᠮᠦᠵᠢᠯ ᠤᠨ ᠦᠭᠡᠷᠡᠴᠢᠯᠡᠯᠳ᠋ᠡ ᠬᠦᠭ᠍ᠵᠢᠯᠳ᠋ᠡ ᠶᠢ ᠪᠦᠬᠦ ᠲᠠᠯ᠎ᠠ ᠪᠠᠷ ᠭᠦᠨᠵᠡᠭᠡᠢ᠌ᠷᠡᠭᠦᠯᠬᠦ ᠶᠢᠨ ᠪᠤᠳ᠋ᠠᠳ᠋ᠤ ᠬᠡᠷᠡᠭ᠍ᠴᠡᠭᠡ ᠮᠦ᠋ᠨ᠃ ᠡᠯ᠎ᠠ ᠬᠠᠮᠢᠶ᠎ᠠ ᠪᠦᠬᠦᠢ ᠰᠠᠯᠠᠭ᠎ᠠ ᠮᠦ᠋ᠴᠢᠷ ᠤᠨ ᠬᠢᠨ ᠰᠤᠷᠭᠠᠨ ᠬᠦᠮᠦᠵᠢᠯ ᠤᠨ ᠠᠵᠢᠯ ᠢ ᠲᠡᠭᠡᠳ᠋ᠦ ᠬᠡᠮᠵᠢᠶ᠎ᠠ ᠪᠠᠷ ᠴᠢᠬᠤᠯᠠᠴᠢᠯᠠᠵᠤ᠂ ᠵᠤᠬᠢᠶᠠᠨ ᠪᠠᠢ᠌ᠭᠤᠯᠤᠯᠳ᠋ᠠ ᠶᠢᠨ ᠤᠳ᠋ᠤᠷᠢᠳ᠋ᠤᠯᠭ᠎ᠠ ᠪᠠᠨ ᠴᠢᠩᠭ᠋ᠠᠷᠠᠭᠤᠯᠤᠨ᠂ ᠬᠠᠮᠢᠶ᠎ᠠ ᠪᠦᠬᠦᠢ ᠨᠢᠭᠡᠴᠡ ᠶᠢ ᠵᠤᠬᠢᠴᠠᠭᠤᠯᠤᠨ ᠪᠦᠳ᠋ᠦᠮᠵᠢᠳ᠋ᠠᠢ ᠵᠤᠯᠭᠠᠭᠤᠯᠵᠤ᠂ ᠰᠤᠷᠭᠠᠨ ᠬᠦᠮᠦᠵᠢᠯ ᠤᠨ ᠬᠦᠷᠢᠶ᠎ᠠ ᠴᠠᠷᠠᠭ᠎ᠠ ᠶᠢᠨ ᠭᠤᠤᠯᠳ᠋ᠠᠯᠭ᠎ᠠ ᠲᠡᠶ ᠲᠦ᠋ᠷᠦᠯ ᠵᠦ᠋ᠢᠯ ᠤᠨ ᠬᠡᠷᠡᠭ᠍ᠵᠢᠭᠦᠯᠦᠯᠳ᠋ᠡ ᠶᠢ ᠪᠦᠬᠦᠯᠢ ᠴᠤᠭᠴᠠ ᠪᠠᠷ ᠠᠬᠢᠭᠤᠯᠬᠤ ᠪᠠ ᠬᠢᠨᠠᠨ ᠨᠠᠢ᠌ᠳ᠋ᠠᠪᠤᠷᠢᠵᠢᠭᠤᠯᠤᠨ᠎ᠠ᠃ ᠵᠠᠷᠤᠳ᠋ᠠᠯ ᠤᠨ ᠪᠠᠳ᠋ᠤᠯᠠᠭ᠎ᠠ ᠶᠢ ᠴᠢᠩᠭ᠋ᠠᠳᠬᠠᠨ᠂ ᠰᠤᠷᠭᠠᠨ ᠬᠦᠮᠦᠵᠢᠯ ᠤᠨ ᠵᠠᠷᠤᠳ᠋ᠠᠯ ᠤᠨ ᠬᠡᠷᠡᠭᠯᠡᠯᠳ᠋ᠡ ᠶᠢᠨ ᠪᠦᠳ᠋ᠦᠴᠡ ᠶᠢ ᠰᠢᠯᠢᠳ᠋ᠡᠭ᠍ᠵᠢᠭᠦᠯᠵᠦ᠂ ᠰᠤᠷᠤᠭᠴᠢᠳ ᠢ ᠲᠡᠳᠭᠦᠨ ᠲᠤᠰᠠᠯᠠᠬᠤ ᠲᠦ᠋ᠷᠢᠮ ᠢ ᠪᠦᠷᠢᠨᠰᠢᠭᠦᠯᠦᠨ᠂ ᠪᠠᠭᠰᠢ ᠶᠢᠨ ᠬᠠᠷᠠᠭᠠᠯᠵᠡᠯ ᠢ ᠨᠠᠢ᠌ᠳ᠋ᠠᠪᠤᠷᠢᠵᠢᠭᠤᠯᠬᠤ ᠶᠢ ᠪᠠᠳ᠋ᠤᠯᠠᠵᠤ᠂ ᠤᠬᠠᠭᠤᠯᠵᠤ ᠬᠦᠳ᠋ᠦᠯᠵᠦ ᠵᠢᠯᠤᠭᠤᠳᠬᠤ ᠪᠠᠨ ᠴᠢᠩᠭ᠋ᠠᠳᠬᠠᠨ᠂《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠰᠤᠷᠭᠠᠨ ᠬᠦᠮᠦᠵᠢᠯ ᠤᠨ ᠬᠠᠦᠯᠢ》ᠵᠡᠷᠭᠡ ᠬᠠᠮᠢᠶ᠎ᠠ ᠪᠦᠬᠦᠢ ᠲᠦ᠋ᠷᠦ ᠶᠢᠨ ᠪᠤᠳ᠋ᠤᠯᠭ᠎ᠠ ᠶᠢ ᠤᠬᠠᠭᠤᠯᠤᠨ ᠲᠠᠢ᠌ᠯᠪᠤᠷᠢᠯᠠᠬᠤ ᠡᠷᠴᠢᠮ ᠶᠢᠡᠨ ᠴᠢᠩᠭ᠋ᠠᠷᠠᠭᠤᠯᠵᠤ᠂ ᠬᠠᠮᠢᠶ᠎ᠠ ᠪᠦᠬᠦᠢ ᠲᠦ᠋ᠷᠦ ᠶᠢᠨ ᠪᠤᠳ᠋ᠤᠯᠭ᠎ᠠ᠂ ᠬᠠᠦᠯᠢ ᠴᠠᠭᠠᠵᠠ ᠬᠠᠦᠯᠢ ᠲᠦ᠋ᠷᠢᠮ ᠤᠨ ᠲᠦ᠋ᠭᠡᠮᠡᠯᠵᠢᠭᠦᠯᠬᠦ ᠬᠡᠪᠴᠢᠶ᠎ᠠ ᠶᠢ ᠦᠷᠭᠡᠳᠬᠡᠨ᠂ ᠡᠯ᠎ᠠ ᠲᠦ᠋ᠷᠦᠯ ᠤᠨ ᠪᠠᠢ᠌ᠭᠤᠯᠤᠮᠵᠢ ᠲᠤᠭᠳ᠋ᠠᠴᠠ ᠶᠢ ᠲᠠᠰᠤᠷᠠᠯᠳ᠋ᠠ ᠦᠭᠡᠶ ᠲᠡᠭᠦᠯᠳ᠋ᠡᠷᠵᠢᠭᠦᠯᠵᠦ᠂ ᠡᠰᠢ ᠪᠠᠷᠢᠮᠳ᠋ᠠ ᠲᠡᠶ᠂ ᠦᠨᠳ᠋ᠦᠰᠦᠯᠡᠬᠦ ᠬᠠᠦᠯᠢ ᠲᠡᠶ ᠬᠤᠯᠪᠤᠭᠳ᠋ᠠᠯ ᠪᠦᠬᠦᠢ ᠲᠦ᠋ᠷᠢᠮ ᠲᠤᠭᠳ᠋ᠠᠭᠠᠯ ᠢ ᠲᠤᠭᠳ᠋ᠠᠭᠠᠨ᠂ ᠪᠠᠭᠰᠢ ᠶᠢᠨ ᠡᠩᠨᠡᠭᠡᠨ ᠤ ᠪᠠᠢ᠌ᠭᠤᠯᠤᠯᠳ᠋ᠠ ᠶᠢ ᠴᠢᠩᠭ᠋ᠠᠳᠬᠠᠵᠤ᠂ ᠰᠤᠷᠭᠠᠨ ᠬᠦᠮᠦᠵᠢᠯ ᠵᠢᠭᠠᠨ ᠰᠤᠷᠭᠠᠯᠳ᠋ᠠ ᠶᠢᠨ ᠶᠠᠰᠤ ᠴᠢᠨᠠᠷ ᠢ ᠲᠡᠭᠡᠭ᠍ᠰᠢᠯᠡᠭᠦᠯᠦᠨ᠂ ᠪᠦᠬᠦ ᠬᠤᠰᠢᠭᠤᠨ ᠤ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠴᠢᠨᠠᠷ ᠰᠠᠢ᠌ᠳ᠋ᠠᠢ᠂ ᠠᠭᠤᠯᠤᠭᠳ᠋ᠠᠬᠤᠨ ᠲᠡᠶ᠂ ᠤᠨᠴᠠᠯᠢᠭ ᠲᠡᠶ ᠬᠦᠭ᠍ᠵᠢᠯᠳ᠋ᠡ ᠶᠢ ᠲᠠᠰᠤᠷᠠᠯᠳ᠋ᠠ ᠦᠭᠡᠶ ᠠᠬᠢᠭᠤᠯᠬᠤ ᠬᠡᠷᠡᠭ᠍ᠳ᠋ᠠᠢ ᠭᠡᠵᠦ ᠴᠢᠩᠭ᠋ᠠᠳᠬᠠᠵᠠᠢ᠃ (ᠯᠸᠢ ᠫᠠᠩ)

ᠡᠮᠦᠨᠡᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠦᠷ᠎ᠠ ᠶᠢᠨ ᠬᠠᠦᠯᠢ》ᠵᠢ ᠲᠤᠭᠤᠰᠢᠯᠠᠭᠤᠯᠵᠤ ᠨᠠᠢ᠌ᠳ᠋ᠠᠪᠤᠷᠢᠵᠢᠭᠤᠯᠤᠭᠰᠠᠨ ᠪᠠᠢ᠌ᠳ᠋ᠠᠯ ᠳᠤ ᠬᠠᠦᠯᠢ ᠬᠡᠷᠡᠭ᠍ᠵᠢᠭᠦᠯᠦᠯᠳ᠋ᠡ ᠶᠢᠨ ᠪᠠᠢ᠌ᠴᠠᠭᠠᠯᠳ᠋ᠠ ᠬᠢᠪᠡ
ᠳᠠᠷᠠᠭᠠᠬᠢ᠄ ᠡᠦ ᠶᠦ᠋ᠨ ᠪᠦᠸᠸ ᠤᠳ᠋ᠤᠬᠢᠴᠢᠯᠠᠭᠰᠠᠨ ᠲᠡᠵᠢᠭᠡᠨ ᠦᠷᠡᠵᠢᠭᠦᠯᠬᠦ ᠵᠠᠭᠪᠤᠷ ᠢ ᠢᠳ᠋ᠡᠪᠬᠢᠳ᠋ᠠᠢ ᠰᠦ᠋ᠪᠡᠭ᠍ᠴᠢᠯᠡᠵᠦ ᠬᠦᠳ᠋ᠡᠭᠡ ᠲᠤᠰᠬᠤᠨ ᠢ ᠬᠦᠭ᠍ᠵᠢᠭᠦᠯᠦᠨ ᠮᠠᠨᠳ᠋ᠤᠭᠤᠯᠬᠤ ᠶᠢ ᠠᠬᠢᠭᠤᠯᠵᠤ ᠪᠤᠢ