ᠬᠤᠳ᠋ᠠ ᠶᠢᠨ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠵᠠᠷᠤᠳ ᠬᠤᠰᠢᠭᠤᠨ ᠳᠤ ᠢᠷᠡᠵᠦ《ᠲᠦ᠋ᠩᠯᠢᠶᠤᠤ ᠬᠤᠳ᠋ᠠ ᠶᠢᠨ ᠲᠠᠷᠢᠶᠠᠯᠠᠩ ᠳᠤ ᠬᠡᠷᠡᠭᠯᠡᠬᠦ ᠲᠠᠰᠤᠯᠤᠪᠴᠢ ᠪᠦᠷᠬᠦᠬᠦᠯ ᠤᠨ ᠪᠤᠬᠢᠷᠳ᠋ᠤᠯ ᠢ ᠰᠡᠷᠭᠡᠢ᠌ᠯᠡᠨ ᠵᠠᠰᠠᠬᠤ ᠲᠦ᠋ᠷᠢᠮ (ᠲᠦ᠋ᠰᠦᠯ)》《ᠲᠦ᠋ᠩᠯᠢᠶᠤᠤ ᠬᠤᠳ᠋ᠠ ᠶᠢᠨ ᠮᠤᠩᠭ᠋ᠤᠯ ᠡᠮ ᠢ ᠬᠠᠮᠠᠭᠠᠯᠠᠨ ᠬᠦᠭ᠍ᠵᠢᠭᠦᠯᠬᠦ ᠲᠦ᠋ᠷᠢᠮ (ᠲᠦ᠋ᠰᠦᠯ)》᠊ᠢ ᠬᠠᠦᠯᠢ ᠲᠤᠭᠳ᠋ᠠᠭᠠᠬᠤ ᠲᠤᠮᠳ᠋ᠠ ᠪᠠᠢ᠌ᠴᠠᠭᠠᠨ ᠰᠤᠳ᠋ᠤᠯᠪᠠ

5 ᠰᠠᠷ᠎ᠠ ᠶᠢᠨ 25 ᠡᠴᠡ 26 ᠊ᠤ ᠡᠳ᠋ᠦᠷ᠂ ᠬᠤᠳ᠋ᠠ ᠶᠢᠨ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠯᠢ ᡁᠢ ᠭᠠᠩ ᠨᠡᠷ ᠵᠠᠷᠤᠳ ᠬᠤᠰᠢᠭᠤᠨ ᠳᠤ ᠢᠷᠡᠵᠦ《ᠲᠦ᠋ᠩᠯᠢᠶᠤᠤ ᠬᠤᠳ᠋ᠠ ᠶᠢᠨ ᠲᠠᠷᠢᠶᠠᠯᠠᠩ ᠳᠤ ᠬᠡᠷᠡᠭᠯᠡᠬᠦ ᠲᠠᠰᠤᠯᠤᠪᠴᠢ ᠪᠦᠷᠬᠦᠬᠦᠯ ᠤᠨ ᠪᠤᠬᠢᠷᠳ᠋ᠤᠯ ᠢ ᠰᠡᠷᠭᠡᠢ᠌ᠯᠡᠨ ᠵᠠᠰᠠᠬᠤ ᠲᠦ᠋ᠷᠢᠮ (ᠲᠦ᠋ᠰᠦᠯ)》《ᠲᠦ᠋ᠩᠯᠢᠶᠤᠤ ᠬᠤᠳ᠋ᠠ ᠶᠢᠨ ᠮᠤᠩᠭ᠋ᠤᠯ ᠡᠮ ᠢ ᠬᠠᠮᠠᠭᠠᠯᠠᠨ ᠬᠦᠭ᠍ᠵᠢᠭᠦᠯᠬᠦ ᠲᠦ᠋ᠷᠢᠮ (ᠲᠦ᠋ᠰᠦᠯ)》᠊ᠢ ᠬᠠᠦᠯᠢ ᠲᠤᠭᠳ᠋ᠠᠭᠠᠬᠤ ᠲᠤᠮᠳ᠋ᠠ ᠪᠠᠢ᠌ᠴᠠᠭᠠᠨ ᠰᠤᠳ᠋ᠤᠯᠵᠤ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠦᠷᠡᠪᠠᠳ᠋ᠦ ᠵᠢᠴᠢ ᠬᠠᠮᠢᠶ᠎ᠠ ᠪᠦᠬᠦᠢ ᠰᠠᠯᠠᠭ᠎ᠠ ᠮᠦ᠋ᠴᠢᠷ ᠤᠨ ᠬᠠᠷᠢᠭᠤᠴᠠᠯᠭᠠᠳ᠋ᠠᠨ ᠨᠦ᠋ᠭᠦᠳ᠂ ᠬᠡᠰᠡᠭ᠌ ᠠᠷᠠᠳ ᠤᠨ ᠲᠦ᠋ᠯᠦᠭᠡᠯᠡᠭ᠍ᠴᠢ ᠪᠠᠷ᠎ᠠ ᠪᠤᠯᠤᠨ ᠪᠠᠢ᠌ᠴᠠᠭᠠᠨ ᠰᠤᠳ᠋ᠤᠯᠤᠭᠰᠠᠨ ᠪᠤᠶᠦ ᠰᠠᠭᠤᠳ᠋ᠠᠯ ᠤᠨ ᠬᠤᠷᠠᠯ ᠳᠤ ᠤᠷᠤᠯᠴᠠᠪᠠ᠃


ᠯᠢ ᡁᠢ ᠭᠠᠩ ᠨᠡᠷ ᠤᠷᠢᠳ ᠬᠤᠵᠢᠳ ᠬᠤᠰᠢᠭᠤᠨ ᠤ ᠮᠤᠩᠭ᠋ᠤᠯ ᠡᠮᠨᠡᠯᠭᠡ ᠶᠢᠨ ᠬᠤᠷᠢᠶᠠᠨ ᠤ ᠮᠤᠩᠭ᠋ᠤᠯ ᠡᠮ ᠨᠠᠢ᠌ᠷᠠᠭᠤᠯᠬᠤ ᠲᠠᠰᠤᠭ᠂ ᠵᠦ᠋ᠩ ᠳ᠋ᠸ ᠦᠷ᠎ᠠ ᠶᠢᠨ ᠦᠢᠯᠡᠰ ᠤᠨ ᠬᠢᠵᠠᠭᠠᠷᠳ᠋ᠤ ᠬᠠᠷᠢᠭᠤᠴᠠᠯᠭᠠᠳ᠋ᠤ ᠺᠤᠮᠫᠠᠨᠢ᠂ ᠲᠦ᠋ᠩᠯᠢᠶᠤᠤ ᠬᠤᠳ᠋ᠠ ᠶᠢᠨ ᠬᠤᠤ ᠲᠢᠶᠠᠨ ᠿᠦ᠋ᠢ ᠹᠸᠩ ᠤᠳ᠋ᠤ ᠦᠶ᠎ᠠ ᠶᠢᠨ ᠲᠠᠷᠢᠶᠠᠯᠠᠩ ᠤᠨ ᠦᠢᠯᠡᠰ ᠤᠨ ᠬᠢᠵᠠᠭᠠᠷᠳ᠋ᠤ ᠺᠤᠮᠫᠠᠨᠢ᠂ ᠰᠢᠶᠠᠩᠱᠠᠨ ᠲᠠᠷᠢᠶᠠᠯᠠᠩ ᠤᠨ ᠲᠠᠯᠠᠪᠠᠢ ᠶᠢᠨ ᠲᠠᠰᠤᠯᠤᠪᠴᠢ ᠪᠦᠷᠬᠦᠬᠦᠯ ᠦᠭᠡᠶ ᠭᠦᠢᠬᠡᠨ ᠪᠤᠯᠠᠵᠤ ᠲᠤᠰᠤᠯᠠᠭᠠᠨ ᠤᠰᠤᠯᠠᠬᠤ ᠲᠠᠷᠢᠮᠡᠯ ᠤᠨ ᠰᠠᠭᠤᠷᠢᠨ ᠭᠠᠵᠠᠷ᠂ ᠦᠨᠡᠭᠡᠴᠢ ᠮᠠᠯᠵᠢᠯ ᠤᠨ ᠲᠠᠯᠠᠪᠠᠢ ᠶᠢᠨ ᠡᠮ ᠤᠨ ᠮᠠᠲ᠋ᠸᠷᠢᠶᠠᠯ ᠤᠨ ᠲᠠᠷᠢᠮᠡᠯ ᠤᠨ ᠵᠢᠱᠢᠶ᠎ᠠ ᠦᠵᠡᠭᠦᠯᠬᠦ ᠲᠤᠭᠤᠷᠢᠭ ᠵᠡᠷᠭᠡ ᠭᠠᠵᠠᠷ ᠲᠤ ᠬᠦᠷᠴᠦ ᠰᠤᠳ᠋ᠤᠯᠤᠨ ᠪᠠᠢ᠌ᠴᠠᠭᠠᠵᠤ᠂ ᠲᠠᠷᠢᠶᠠᠯᠠᠩ ᠳᠤ ᠬᠡᠷᠡᠭᠯᠡᠬᠦ ᠲᠠᠰᠤᠯᠤᠪᠴᠢ ᠪᠦᠷᠬᠦᠬᠦᠯ ᠤᠨ ᠪᠤᠷᠤᠯᠠᠭᠤᠯᠤᠯᠳ᠋ᠠ᠂ ᠬᠡᠷᠡᠭᠯᠡᠯᠳ᠋ᠡ᠂ ᠪᠤᠬᠢᠷᠳ᠋ᠤᠯ ᠢ ᠰᠡᠷᠭᠡᠢ᠌ᠯᠡᠨ ᠵᠠᠰᠠᠬᠤ ᠵᠡᠷᠭᠡ ᠪᠠᠢ᠌ᠳ᠋ᠠᠯ ᠵᠢᠴᠢ ᠮᠤᠩᠭ᠋ᠤᠯ ᠡᠮ ᠤᠨ ᠮᠠᠲ᠋ᠸᠷᠢᠶᠠᠯ ᠤᠨ ᠲᠠᠷᠢᠮᠡᠯ ᠤᠨ ᠬᠠᠮᠠᠭᠠᠯᠠᠯᠳ᠋ᠠ ᠬᠦᠭ᠍ᠵᠢᠯᠳ᠋ᠡ ᠶᠢᠨ ᠪᠠᠢ᠌ᠳ᠋ᠠᠯ ᠢ ᠨᠠᠷᠢᠨ ᠤᠢ᠌ᠯᠠᠭᠠᠪᠠ᠃

ᠲᠤᠬᠠᠢ ᠶᠢᠨ ᠭᠠᠵᠠᠷ ᠲᠤᠨᠢ ᠪᠠᠢ᠌ᠴᠠᠭᠠᠨ ᠰᠤᠳ᠋ᠤᠯᠵᠤ ᠲᠠᠭᠤᠰᠤᠭᠰᠠᠨ ᠤ ᠲᠠᠷᠠᠭ᠎ᠠ ᠰᠠᠭᠤᠳ᠋ᠠᠯ ᠤᠨ ᠬᠤᠷᠠᠯ ᠬᠤᠷᠠᠯᠳ᠋ᠤᠭᠤᠯᠤᠨ᠂ ᠴᠸᠩ ᠫᠧᠩ ᠭᠠᠩ ᠵᠠᠷᠤᠳ ᠬᠤᠰᠢᠭᠤᠨ ᠤ ᠲᠠᠷᠢᠶᠠᠯᠠᠩ ᠳᠤ ᠬᠡᠷᠡᠭᠯᠡᠬᠦ ᠲᠠᠰᠤᠯᠤᠪᠴᠢ ᠪᠦᠷᠭᠦᠬᠦᠯ ᠤᠨ ᠪᠤᠬᠢᠷᠳ᠋ᠤᠯ ᠢ ᠰᠡᠷᠭᠡᠢ᠌ᠯᠡᠨ ᠵᠠᠰᠠᠬᠤ ᠠᠵᠢᠯ ᠦᠷᠨᠢᠭᠦᠯᠦᠭ᠍ᠰᠡᠨ ᠪᠠᠢ᠌ᠳ᠋ᠠᠯ ᠪᠠ ᠮᠤᠩᠭ᠋ᠤᠯ ᠡᠮ ᠤᠨ ᠮᠠᠲ᠋ᠸᠷᠢᠶᠠᠯ ᠤᠨ ᠬᠠᠮᠠᠭᠠᠯᠠᠯᠳ᠋ᠠ ᠬᠦᠭ᠍ᠵᠢᠯᠳ᠋ᠡ ᠶᠢᠨ ᠪᠠᠢ᠌ᠳ᠋ᠠᠯ ᠢ ᠬᠠᠷᠢᠭᠤ ᠮᠡᠳ᠋ᠡᠭᠦᠯᠵᠦ᠂ ᠬᠤᠷᠠᠯ ᠳᠤ ᠤᠷᠤᠯᠴᠠᠭᠰᠡᠳ ᠠᠵᠢᠯ ᠤᠨ ᠪᠤᠳ᠋ᠠᠳ᠋ᠤ ᠪᠠᠢ᠌ᠳ᠋ᠠᠯ ᠲᠡᠶ ᠪᠠᠨ ᠤᠶᠠᠯᠳ᠋ᠤᠭᠤᠯᠤᠨ ᠲᠠᠷᠢᠶᠠᠯᠠᠩ ᠳᠤ ᠬᠡᠷᠡᠭᠯᠡᠬᠦ ᠲᠠᠰᠤᠯᠤᠪᠴᠢ ᠪᠦᠷᠬᠦᠬᠦᠯ ᠤᠨ ᠦᠢᠯᠡᠳᠪᠦᠷᠢᠯᠡᠯ᠂ ᠪᠤᠷᠤᠯᠠᠭᠤᠯᠤᠯᠳ᠋ᠠ᠂ ᠪᠤᠴᠠᠭᠠᠨ ᠠᠪᠬᠤ᠂ ᠮᠤᠩᠭ᠋ᠤᠯ ᠡᠮ ᠢ ᠬᠠᠮᠠᠭᠠᠯᠠᠨ ᠬᠦᠭ᠍ᠵᠢᠭᠦᠯᠬᠦ ᠵᠡᠷᠭᠡ ᠲᠠᠯ᠎ᠠ ᠪᠠᠷ ᠭᠦᠨᠵᠡᠭᠡᠢ ᠰᠤᠳ᠋ᠤᠯᠤᠨ ᠶᠠᠷᠢᠯᠴᠠᠬᠤ ᠶᠢᠨ ᠬᠠᠮᠳ᠋ᠤ ᠰᠠᠢ᠌ᠨ ᠰᠠᠨᠠᠯ ᠰᠠᠨᠠᠭᠤᠯᠭ᠎ᠠ ᠲᠤᠷᠠᠳ᠋ᠤᠪᠠ᠃

ᠯᠢ ᡁᠢ ᠭᠠᠩ ᠵᠠᠷᠤᠳ ᠬᠤᠰᠢᠭᠤᠨ ᠤ ᠲᠠᠷᠢᠶᠠᠯᠠᠩ ᠳᠤ ᠬᠡᠷᠡᠭᠯᠡᠬᠦ ᠲᠠᠰᠤᠯᠤᠪᠴᠢ ᠪᠦᠷᠬᠦᠬᠦᠯ ᠤᠨ ᠪᠤᠬᠢᠷᠳ᠋ᠤᠯ ᠢ ᠰᠡᠷᠭᠡᠢ᠌ᠯᠡᠨ ᠵᠠᠰᠠᠬᠤ ᠪᠠ ᠮᠤᠩᠭ᠋ᠤᠯ ᠡᠮ ᠤᠨ ᠬᠠᠮᠠᠭᠠᠯᠠᠯᠳ᠋ᠠ ᠬᠦᠭ᠍ᠵᠢᠯᠳ᠋ᠡ ᠶᠢᠨ ᠪᠠᠢ᠌ᠳ᠋ᠠᠯ ᠢ ᠭᠦᠢᠴᠡᠳ ᠨᠤᠳ᠋ᠠᠯᠠᠬᠤ ᠶᠢᠨ ᠬᠠᠮᠳ᠋ᠤ ᠱᠠᠭᠠᠷᠳ᠋ᠠᠭᠰᠠᠨ ᠨᠢ᠂ ᠲᠠᠷᠢᠶᠠᠯᠠᠩ ᠳᠤ ᠬᠡᠷᠡᠭᠯᠡᠬᠦ ᠲᠠᠰᠤᠯᠤᠪᠴᠢ ᠪᠦᠷᠬᠦᠬᠦᠯ ᠤᠨ ᠦᠢᠯᠡᠳᠪᠦᠷᠢᠯᠡᠯ ᠪᠤᠷᠤᠯᠠᠭᠤᠯᠤᠯᠳ᠋ᠠ ᠲᠡᠭᠡᠷ᠎ᠠ ᠤᠯᠤᠰ ᠤᠨ ᠪᠠᠷᠢᠮᠵᠢᠶ᠎ᠠ ᠶᠢ ᠴᠢᠩᠭ᠎ᠠ ᠬᠡᠷᠡᠭ᠍ᠵᠢᠭᠦᠯᠦᠨ᠂ ᠬᠡᠷᠡᠭᠯᠡᠯᠳ᠋ᠡ ᠶᠢᠨ ᠲᠠᠯ᠎ᠠ ᠳᠤ ᠮᠡᠷᠭᠡᠵᠢᠯ ᠤᠨ ᠲᠡᠮᠵᠢᠯᠭᠡ ᠶᠢ ᠶᠡᠭᠡᠰᠭᠡᠵᠦ᠂ ᠲᠠᠰᠤᠯᠤᠪᠴᠢ ᠪᠦᠷᠬᠦᠬᠦᠯ ᠢ ᠪᠤᠴᠠᠭᠠᠨ ᠠᠪᠬᠤ ᠲᠤᠭᠳ᠋ᠠᠴᠠ ᠶᠢ ᠪᠠᠢ᠌ᠭᠤᠯᠵᠤ ᠪᠦᠷᠢᠨᠰᠢᠭᠦᠯᠦᠨ᠂ ᠲᠤᠰᠤᠯᠤᠪᠴᠢ ᠪᠦᠷᠬᠦᠬᠦᠯ ᠤᠨ ᠬᠡᠷᠡᠭᠯᠡᠭ᠍ᠴᠢ ᠶᠢᠨ ᠬᠡᠷᠡᠭᠯᠡᠭ᠍ᠰᠡᠨ ᠤ ᠲᠠᠷᠠᠭᠠᠬᠢ ᠪᠤᠴᠠᠭᠠᠨ ᠠᠪᠬᠤ ᠶᠢ ᠵᠤᠷᠢᠭᠵᠢᠭᠤᠯᠬᠤ ᠬᠦᠴᠦᠨ ᠢ ᠴᠢᠩᠭ᠋ᠠᠳᠬᠠᠵᠤ᠂ ᠤᠭ ᠡᠬᠢ ᠡᠴᠡ ᠨᠢ ᠲᠠᠰᠤᠯᠤᠪᠴᠢ ᠪᠦᠷᠬᠦᠬᠦᠯ ᠤᠨ ᠲᠠᠷᠢᠶᠠᠯᠠᠩ ᠳᠤ ᠬᠡᠷᠡᠭᠯᠡᠬᠦ ᠪᠤᠬᠢᠷᠳ᠋ᠤᠯ ᠢ ᠡᠵᠡᠮᠳ᠋ᠡᠨ᠂ ᠦᠷᠭᠡᠨ ᠤᠯᠠᠨ ᠲᠦ᠋ᠮᠡᠨ ᠤ ᠤᠷᠴᠢᠨ ᠲᠤᠭᠤᠷᠢᠨ ᠢ ᠬᠠᠮᠠᠭᠠᠯᠠᠬᠤ ᠤᠬᠠᠮᠰᠡᠷ ᠢ ᠦᠨᠡᠨ ᠬᠦ ᠲᠡᠭᠡᠭ᠍ᠰᠢᠯᠡᠭᠦᠯᠵᠦ᠂ ᠮᠤᠩᠭ᠋ᠤᠯ ᠡᠮ ᠤᠨ ᠵᠠᠬ᠎ᠠ ᠲᠡᠯᠭᠡᠭᠦᠷ ᠢ ᠦᠷᠭᠡᠳᠭᠡᠬᠦ ᠶᠢᠨ ᠬᠠᠮᠳ᠋ᠤ᠂ ᠦᠢᠯᠡᠳᠪᠦᠷᠢᠯᠡᠯ ᠤᠨ ᠭᠢᠨᠵᠢ ᠶᠢ ᠤᠯᠠᠮ ᠨᠢᠭᠡ ᠠᠯᠬᠤᠮ ᠤᠷᠳ᠋ᠤᠳᠬᠠᠨ᠂ ᠤᠬᠠᠭᠤᠯᠭ᠎ᠠ ᠪᠠᠨ ᠴᠢᠩᠭ᠋ᠠᠳᠬᠠᠵᠤ᠂ ᠨᠦ᠋ᠯᠦᠭᠡ ᠪᠠᠨ ᠦᠷᠭᠡᠳᠭᠡᠨ᠂ ᠮᠤᠩᠭ᠋ᠤᠯ ᠡᠮ ᠤᠨ ᠨᠡᠷᠡᠳ᠋ᠦ ᠲᠡᠮᠳ᠋ᠡᠭ᠍ᠳ᠋ᠦ ᠶᠢ ᠪᠠᠢ᠌ᠭᠤᠯᠵᠤ᠂ ᠮᠤᠩᠭ᠋ᠤᠯ ᠡᠮ ᠨᠠᠢ᠌ᠷᠠᠭᠤᠯᠬᠤ ᠴᠢᠳ᠋ᠠᠪᠤᠷᠢᠳ᠋ᠡᠨ ᠢ ᠬᠦᠮᠦᠵᠢᠭᠦᠯᠬᠦ ᠶᠢᠨ ᠬᠠᠮᠳ᠋ᠤ ᠲᠤᠰᠬᠠᠢ ᠮᠡᠷᠭᠡᠵᠢᠯ ᠤᠨ ᠲᠦ᠋ᠬᠦᠭᠡᠷᠦᠮᠵᠢ ᠶᠢ ᠤᠷᠤᠭᠤᠯᠬᠤ ᠬᠦᠴᠦᠨ ᠢ ᠴᠢᠩᠭ᠋ᠠᠳᠬᠠᠨ᠂ ᠮᠤᠩᠭ᠋ᠤᠯ ᠡᠮ ᠨᠠᠢ᠌ᠷᠠᠭᠤᠯᠬᠤ ᠴᠢᠳ᠋ᠠᠪᠤᠷᠢᠳ᠋ᠡᠨ ᠤ ᠡᠩᠨᠡᠭᠡ ᠶᠢᠨ ᠪᠦᠬᠦᠯᠢ ᠴᠤᠭᠴᠡ ᠶᠢᠨ ᠬᠢᠷᠢ ᠲᠦ᠋ᠪᠰᠢᠨ ᠢ ᠲᠡᠭᠡᠭ᠍ᠰᠢᠯᠡᠭᠦᠯᠵᠦ᠂ ᠮᠤᠩᠭ᠋ᠤᠯ ᠡᠮ ᠤᠨ ᠠᠵᠤ ᠦᠢᠯᠡᠰ ᠤᠨ ᠬᠦᠭ᠍ᠵᠢᠯᠳ᠋ᠡ ᠶᠢ ᠤᠯᠠᠮ ᠨᠢᠭᠡ ᠠᠯᠬᠤᠮ ᠲᠡᠭᠡᠭ᠍ᠰᠢᠯᠡᠭᠦᠯᠬᠦ ᠬᠡᠷᠡᠭ᠍ᠳ᠋ᠠᠢ ᠭᠡᠵᠡᠢ᠃ (ᠯᠸᠢ ᠫᠠᠩ)