ᠤᠳᠤ ᠶᠢᠨ ᠪᠠᠢ᠌ᠷᠢ᠄ ᠨᠠᠮ ᠤᠨ ᠪᠦᠳᠤᠭᠡᠨ ᠪᠠᠢ᠌ᠭᠤᠯᠤᠯᠳᠠ ᠶᠢᠨ ᠠᠵᠢᠯ → ᠵᠠᠷᠤᠳ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ᠁
ᠵᠠᠷᠤᠳ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ《ᠪᠤᠯᠪᠠᠰᠤᠨ ᠬᠤᠳ᠋ᠠ ᠶᠢ ᠡᠭᠦᠳ᠋ᠦᠨ ᠪᠠᠢ᠌ᠭᠤᠯᠬᠤ ᠳᠤ ᠰᠠᠢ᠌ᠨ ᠲᠤᠷ᠎ᠠ ᠡᠴᠡ ᠪᠠᠨ ᠦᠢᠯᠡᠴᠢᠯᠡᠵᠦ ᠬᠦᠴᠦᠨ ᠨᠡᠮᠡᠷᠢᠯᠡᠬᠦ》ᠠᠵᠢᠯᠯᠠᠭ᠎ᠠ ᠦᠷᠨᠢᠭᠦᠯᠪᠡ

        《ᠵᠠᠷᠤᠳ ᠬᠤᠰᠢᠭᠤᠨ ᠤ ᠠᠯᠪᠠᠨ ᠪᠠᠢ᠌ᠭᠤᠯᠭ᠎ᠠ ᠠᠵᠤ ᠠᠬᠤᠢ᠌ᠯᠠᠯ ᠠᠵᠤ ᠦᠢᠯᠡᠰ ᠤᠨ ᠨᠢᠭᠡᠴᠢ ᠶᠢᠨ ᠲᠠᠭᠠᠭᠠᠴᠢᠯᠡᠨ ᠬᠤᠯᠪᠤᠭᠠᠯᠠᠬᠤ ᠨᠡᠢ᠌ᠭᠡᠮ ᠲᠤᠭᠤᠷᠢᠭ ᠤᠨ ᠦᠪᠡᠷᠳ᠋ᠡᠭᠡᠨ ᠵᠠᠰᠠᠬᠤ ᠤᠷᠤᠨ ᠤ ᠪᠤᠯᠪᠠᠰᠤᠨ ᠬᠤᠳ᠋ᠠ ᠶᠢ ᠡᠭᠦᠳ᠋ᠦᠨ ᠪᠠᠢ᠌ᠭᠤᠯᠬᠤ ᠠᠵᠢᠯ ᠢ ᠭᠦᠨᠵᠡᠭᠡᠢ᠌ᠷᠡᠭᠦᠯᠬᠦ ᠲᠦ᠋ᠰᠦᠯ》᠊ᠤᠨ ᠱᠠᠭᠠᠷᠳ᠋ᠠᠯᠭ᠎ᠠ ᠶᠤᠰᠤᠭᠠᠷ᠂ ᠰᠢᠨ᠎ᠠ ᠴᠠᠭ ᠦᠶ᠎ᠠ ᠶᠢᠨ ᠪᠤᠯᠪᠠᠰᠦᠨ ᠦᠢᠯᠡᠳ᠋ᠦᠯᠭᠡ ᠶᠢᠨ ᠠᠵᠢᠯᠯᠠᠭ᠎ᠠ ᠶᠢ ᠤᠯᠠᠮ ᠨᠢᠭᠡ ᠠᠯᠬᠤᠮ ᠲᠦ᠋ᠯᠬᠢᠨ ᠠᠬᠢᠭᠤᠯᠵᠤ᠂ ᠪᠤᠯᠪᠠᠰᠤᠨ ᠬᠤᠳ᠋ᠠ ᠶᠢ ᠡᠭᠦᠳ᠋ᠦᠨ ᠪᠠᠢ᠌ᠭᠤᠯᠬᠤ ᠠᠵᠢᠯ ᠢ ᠦᠷᠭᠦᠯᠵᠢᠯᠡᠨ ᠭᠦᠨᠵᠡᠭᠡᠢ᠌ᠷᠡᠭᠦᠯᠬᠦ ᠶᠢᠨ ᠲᠦ᠋ᠯᠦᠭᠡ᠂ 5 ᠰᠠᠷ᠎ᠠ ᠶᠢᠨ 31᠊ᠦ ᠡᠳ᠋ᠦᠷ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠰᠠᠢ᠌ᠨ ᠲᠤᠷ᠎ᠠ ᠶᠢᠨ ᠦᠢᠯᠡᠴᠢᠯᠡᠭᠡᠨ ᠤ ᠠᠩᠭᠢ ᠰᠢᠩ ᠬᠤᠸᠠ ᠨᠡᠢ᠌ᠭᠡᠮ ᠲᠤᠭᠤᠷᠢᠭ ᠤᠨ ᠮᠠᠯ ᠠᠵᠤ ᠠᠬᠤᠢ ᠶᠢᠨ ᠲᠤᠪᠴᠢᠶᠠᠨ ᠤ ᠭᠡᠷ ᠪᠦᠯᠢ ᠶᠢᠨ ᠠᠰᠠᠷ ᠤᠨ ᠰᠠᠭᠤᠭᠠᠯᠢ ᠲᠤᠭᠤᠷᠢᠭ᠂ ᠶᠠᠩ ᠭᠤᠸᠠᠩ ᠴᠸᠩ ᠵᠠᠭᠦᠨ ᠲᠤᠭᠤᠷᠢᠭ᠂ ᠵᠢᠨ ᠶᠤᠸᠠᠨ ᠰᠠᠭᠤᠭᠠᠯᠢ ᠲᠤᠭᠤᠷᠢᠭ ᠲᠤ ᠭᠦᠨᠵᠡᠭᠡᠢ᠌ᠷᠡᠨ《ᠰᠠᠢ᠌ᠨ ᠲᠤᠷ᠎ᠠ ᠡᠴᠡ ᠪᠠᠨ ᠦᠢᠯᠡᠴᠢᠯᠡᠨ᠂ ᠪᠤᠯᠪᠠᠰᠤᠨ ᠬᠤᠳ᠋ᠠ ᠶᠢ ᠡᠭᠦᠳ᠋ᠦᠨ ᠪᠠᠢ᠌ᠭᠤᠯᠬᠤ ᠳᠤ ᠬᠦᠴᠦᠨ ᠨᠡᠮᠡᠷᠢᠯᠡᠬᠦ》ᠠᠵᠢᠯᠯᠠᠭ᠎ᠠ ᠦᠷᠨᠢᠭᠦᠯᠪᠡ᠃

       
                 ᠰᠠᠢ᠌ᠨ ᠲᠤᠷ᠎ᠠ ᠶᠢᠨ ᠠᠵᠢᠯᠯᠠᠭᠴᠢᠳ ᠠᠵᠢᠯ ᠶᠢᠡᠨ ᠲᠤᠳ᠋ᠤᠷᠬᠠᠢ ᠬᠤᠪᠢᠶᠠᠷᠯᠠᠨ᠂ ᠪᠤᠵᠠᠷ ᠪᠤᠷᠳ᠋ᠠᠭ ᠢ ᠬᠠᠢ᠌ᠬᠤᠷᠤᠯ ᠦᠭᠡᠶ᠂  ᠶᠠᠳ᠋ᠠᠷᠡᠯ ᠵᠦ᠋ᠳ᠋ᠡᠷᠡᠯ ᠢ ᠲᠡᠪᠴᠢᠨ ᠰᠠᠭᠤᠭᠠᠯᠢ ᠲᠤᠭᠤᠷᠢᠭ ᠤᠨ ᠬᠡᠷᠡᠮ ᠬᠠᠨ᠎ᠠ ᠲᠡᠭᠡᠷ᠎ᠠ ᠲᠤᠷ᠎ᠠ ᠪᠠᠷ ᠨᠠᠭᠠᠭᠰᠠᠨ ᠵᠢᠵᠢᠭ᠌ ᠵᠠᠷ ᠪᠠ ᠬᠦᠷᠢᠶᠡᠨ ᠤ ᠡᠷᠡᠭᠦᠯ ᠬᠠᠮᠠᠭᠠᠯᠠᠯ ᠊ᠤᠨ ᠴᠡᠪᠡᠷᠯᠡᠭᠡ ᠬᠢᠭ᠍ᠰᠡᠨ ᠡᠴᠡ ᠰᠠᠭᠤᠭᠠᠯᠢ ᠠᠷᠠᠳ ᠤᠨ ᠤᠷᠴᠢᠨ ᠲᠤᠭᠤᠷᠢᠨ ᠴᠤ᠋ ᠰᠢᠨ᠎ᠠ ᠪᠤᠯᠵᠤ᠂ ᠰᠠᠭᠤᠭᠠᠯᠢ ᠠᠷᠠᠳ ᠤᠨ ᠦᠨᠡᠯᠡᠯᠳ᠋ᠡ ᠪᠠ ᠮᠠᠭᠳ᠋ᠠᠭᠠᠯ ᠰᠠᠢ᠌ᠰᠢᠶᠠᠯ ᠢ ᠤᠯᠤᠭᠰᠠᠨ ᠪᠠᠢ᠌ᠨ᠎ᠠ᠃

           

            ᠡᠭᠦᠨ ᠤ ᠬᠠᠮᠳ᠋ᠤ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠪᠤᠯᠪᠠᠰᠤᠨ ᠬᠤᠳ᠋ᠠ ᠶᠢ ᠡᠭᠦᠳ᠋ᠦᠨ ᠪᠠᠢ᠌ᠭᠤᠯᠬᠤ ᠠᠵᠢᠯ ᠪᠠᠷ ᠲᠤᠬᠢᠶᠠᠯ ᠪᠤᠯᠭᠠᠵᠤ᠂ ᠪᠤᠳ᠋ᠠᠳ᠋ᠤ ᠪᠠᠢ᠌ᠳ᠋ᠠᠯ ᠳᠤ ᠰᠠᠭᠤᠷᠢᠯᠡᠨ ᠨᠡᠢ᠌ᠭᠡᠮ ᠲᠤᠭᠤᠷᠢᠭ ᠤᠨ ᠬᠠᠷᠢᠭᠤᠴᠠᠯᠭᠠᠳ᠋ᠠᠨ ᠨᠦ᠋ᠭᠦᠳ ᠲᠡᠶ ᠢᠳ᠋ᠡᠪᠬᠢᠳ᠋ᠠᠢ ᠬᠠᠷᠢᠯᠴᠡᠨ᠂ ᠡᠳ᠋ ᠮᠦ᠋ᠩᠭᠦ ᠭᠠᠷᠭᠠᠨ ᠤᠬᠠᠭᠤᠯᠭ᠎ᠠ ᠶᠢᠨ ᠬᠦᠨᠳ᠋ᠡᠯᠡᠨ ᠪᠢᠴᠢᠭᠡᠰᠦ᠂ ᠤᠷᠢᠶ᠎ᠠ᠂ ᠨᠡᠢ᠌ᠳ᠋ᠡ ᠶᠢᠨ ᠠᠰᠠᠷᠠᠮᠵᠢ ᠶᠢᠨ ᠵᠠᠷ ᠵᠡᠷᠭᠡ ᠶᠢ ᠵᠤᠬᠢᠶᠠᠵᠤ᠂ ᠰᠠᠭᠤᠭᠠᠯᠢ ᠠᠷᠠᠳ ᠤᠨ ᠲᠤᠭᠤᠷᠢᠭ ᠤᠨ ᠢᠯᠡ ᠤᠷᠤᠨ ᠪᠠᠢ᠌ᠷᠢ ᠳᠤ《ᠨᠡᠢ᠌ᠭᠡᠮ ᠵᠢᠷᠤᠮ ᠤᠨ ᠭᠤᠤᠯᠯᠠᠭᠴᠢ ᠦᠷᠳ᠋ᠡᠭ᠌ ᠤᠨ ᠦᠵᠡᠯᠳ᠋ᠡ》᠂《ᠰᠠᠭᠤᠭᠠᠯᠢ ᠠᠷᠠᠳ ᠤᠨ ᠨᠡᠢ᠌ᠳ᠋ᠡ ᠶᠢᠨ ᠭᠡᠷ᠎ᠠ》ᠵᠡᠷᠭᠡ ᠭᠤᠤᠯ ᠰᠡᠳ᠋ᠦᠪᠳ᠋ᠦ ᠨᠡᠢ᠌ᠳ᠋ᠡ ᠶᠢᠨ ᠠᠰᠠᠷᠠᠮᠵᠢ ᠶᠢᠨ ᠤᠬᠠᠭᠤᠯᠭ᠎ᠠ ᠶᠢᠨ ᠦᠵᠡᠭᠦᠯᠦᠯᠭᠡ ᠶᠢᠨ ᠰᠠᠮᠪᠠᠷ᠎ᠠ ᠶᠢ ᠡᠯᠭᠦᠨ᠂ ᠪᠤᠯᠪᠠᠰᠤᠨ ᠬᠤᠳ᠋ᠠ ᠶᠢ ᠡᠭᠦᠳ᠋ᠦᠨ ᠪᠦᠳ᠋ᠦᠭᠡᠨ ᠪᠠᠢ᠌ᠭᠤᠯᠬᠤ ᠠᠵᠢᠯ ᠤᠨ ᠲᠡᠮᠵᠢᠬᠦ ᠨᠤᠷᠮ᠎ᠠ᠂ ᠦᠨᠡᠯᠡᠯᠳ᠋ᠡ ᠪᠠ ᠬᠠᠨᠤᠮᠵᠢ ᠶᠢᠨ ᠬᠡᠮᠵᠢᠶ᠎ᠠ ᠶᠢ ᠤᠯᠠᠮ ᠨᠢᠭᠡ ᠠᠯᠬᠤᠮ ᠲᠡᠭᠡᠭ᠍ᠰᠢᠯᠡᠭᠦᠯᠵᠦ᠂ ᠲᠡᠷᠢ ᠲᠡᠭ᠍ᠰᠢ᠂ ᠠᠷᠢᠭᠤᠨ ᠴᠡᠪᠡᠷ᠂ ᠪᠤᠯᠪᠠᠰᠤᠨ᠂ ᠭᠤᠶᠤ ᠰᠠᠢ᠌ᠬᠠᠨ ᠠᠮᠢᠳ᠋ᠤᠷᠠᠯ ᠤᠨ ᠤᠷᠴᠢᠨ ᠲᠤᠭᠤᠷᠢᠨ ᠢ ᠪᠤᠢ ᠪᠤᠯᠭᠠᠵᠤ᠂ ᠪᠦᠬᠦ ᠬᠤᠰᠢᠭᠤᠨ ᠤ ᠪᠤᠯᠪᠠᠰᠤᠨ ᠬᠤᠳ᠋ᠠ ᠶᠢ ᠡᠭᠦᠳ᠋ᠦᠨ ᠪᠠᠢ᠌ᠭᠤᠯᠬᠤ ᠠᠵᠢᠯ ᠳᠤ ᠰᠢᠨ᠎ᠠ ᠬᠠᠭᠤᠳ᠋ᠠᠰᠤ ᠶᠢ ᠨᠡᠮᠡᠷᠢᠯᠡᠪᠡ᠃ (ᠯᠸᠢ ᠫᠠᠩ)

ᠡᠮᠦᠨᠡᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠪᠦᠬᠦ ᠺᠠᠳ᠋ᠷ ᠠᠵᠢᠯᠳ᠋ᠡᠨ ᠢ ᠵᠤᠬᠢᠶᠠᠨ ᠪᠠᠢ᠌ᠭᠤᠯᠵᠤ ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠲᠡᠦᠬᠡ ᠶᠢᠨ ᠲᠤᠰᠬᠠᠢ ᠰᠡᠳ᠋ᠦᠪᠳ᠋ᠦ ᠲᠤᠤᠷ ᠰᠦ᠋ᠯᠵᠢᠶᠡᠨ ᠤ ᠬᠢᠴᠢᠶᠡᠯᠯᠡᠭᠡ ᠶᠢ ᠦᠵᠡᠵᠦ ᠰᠤᠷᠤᠯᠴᠠᠪᠠ
ᠳᠠᠷᠠᠭᠠᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠭᠦᠨᠵᠡᠭᠡᠢ ᠰᠤᠷᠤᠯᠴᠡᠨ ᠨᠠᠷᠢᠯᠢᠭ ᠰᠤᠳ᠋ᠤᠯᠵᠤ ᠨᠠᠢ᠌ᠳ᠋ᠠᠪᠤᠷᠢᠵᠢᠭᠤᠯᠤᠯᠳ᠋ᠠ ᠶᠢ ᠴᠢᠩᠭ᠎ᠠ ᠠᠳᠬᠤᠨ ᠰᠤᠷᠤᠯᠴᠠᠯᠭ᠎ᠠ ᠶᠢᠨ ᠦᠷ᠎ᠠ ᠪᠦᠳ᠋ᠦᠭᠡᠯ ᠢ ᠦᠨᠡᠨ ᠬᠦ ᠪᠠᠳ᠋ᠤᠯᠠᠪᠠ