ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ《6· 5》᠊ᠦ ᠲᠡᠯᠡᠬᠡᠢ ᠶᠢᠨ ᠤᠷᠴᠢᠨ ᠲᠤᠭᠤᠷᠢᠨ ᠤ ᠡᠳ᠋ᠦᠷ ᠤᠨ ᠤᠬᠠᠭᠤᠯᠭ᠎ᠠ ᠶᠢᠨ ᠠᠵᠢᠯᠯᠠᠭ᠎ᠠ ᠦᠷᠨᠢᠭᠦᠯᠪᠡ

6 ᠰᠠᠷ᠎ᠠ ᠶᠢᠨ 5᠊ᠦ ᠡᠳ᠋ᠦᠷ ᠤᠨ ᠦᠳ᠋ᠡ ᠶᠢᠨ ᠡᠮᠦᠨ᠎ᠠ᠂ 50 ᠳ᠋ᠤᠭᠠᠷ ᠲᠡᠯᠡᠬᠡᠢ ᠶᠢᠨ ᠤᠷᠴᠢᠨ ᠲᠤᠭᠤᠷᠢᠨ ᠤ ᠡᠳ᠋ᠦᠷ ᠬᠦᠷᠴᠦ ᠢᠷᠡᠬᠦ ᠲᠠᠰᠢᠷᠠᠮ ᠳᠤ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠪᠤᠯᠤᠨ ᠪᠦᠬᠦ ᠬᠤᠰᠢᠭᠤᠨ ᠤ ᠤᠷᠴᠢᠨ ᠲᠤᠭᠤᠷᠢᠨ ᠤ ᠬᠠᠮᠠᠭᠠᠯᠠᠯᠳ᠋ᠠ ᠶᠢᠨ ᠵᠦ᠋ᠪᠯᠡᠯ ᠤᠨ ᠭᠡᠰᠢᠭᠦᠨ ᠪᠠᠢ᠌ᠭᠤᠯᠭ᠎ᠠ ᠲᠡᠶ ᠬᠠᠮᠳ᠋ᠤᠪᠠᠷ《ᠬᠦᠮᠦᠨ ᠬᠢᠭᠡᠳ ᠪᠠᠢ᠌ᠭᠠᠯᠢ ᠡᠶ᠎ᠠ ᠵᠤᠬᠢᠴᠠᠩᠭ᠋ᠤᠢ ᠪᠠᠷ ᠬᠠᠮᠳ᠋ᠤ ᠤᠷᠤᠰᠢᠬᠤ》ᠪᠠᠷ ᠭᠤᠤᠯ ᠰᠡᠳ᠋ᠦᠪ ᠪᠤᠯᠭᠠᠭᠰᠠᠨ《6· 5》᠊ᠦ ᠲᠡᠯᠡᠬᠡᠢ ᠶᠢᠨ ᠤᠷᠴᠢᠨ ᠲᠤᠭᠤᠷᠢᠨ ᠤ ᠡᠳ᠋ᠦᠷ ᠤᠨ ᠤᠬᠠᠭᠤᠯᠭ᠎ᠠ ᠶᠢᠨ ᠠᠵᠢᠯᠯᠠᠭ᠎ᠠ ᠦᠷᠨᠢᠭᠦᠯᠪᠡ᠃

ᠠᠵᠢᠯᠯᠠᠭ᠎ᠠ ᠶᠢᠨ ᠲᠤᠬᠠᠢ ᠶᠢᠨ ᠲᠠᠯᠠᠪᠤᠷ ᠲᠤ ᠬᠦᠨᠳ᠋ᠡᠯᠡᠨ ᠪᠢᠴᠢᠭᠡᠰᠦ ᠡᠯᠭᠦᠬᠦ᠂ ᠠᠰᠠᠭᠤᠨ ᠯᠠᠪᠯᠠᠬᠤ ᠲᠠᠪᠴᠠᠩ ᠭᠠᠷᠭᠠᠬᠤ᠂ ᠤᠬᠠᠭᠤᠯᠭ᠎ᠠ ᠶᠢᠨ ᠮᠠᠲ᠋ᠸᠷᠢᠶᠠᠯ ᠲᠠᠷᠬᠠᠭᠠᠬᠤ ᠪᠠ ᠤᠷᠴᠢᠨ ᠲᠤᠭᠤᠷᠢᠨ ᠤ ᠬᠠᠮᠠᠭᠠᠯᠠᠯᠳ᠋ᠠ ᠶᠢᠨ ᠪᠠᠷᠠᠭ᠎ᠠ ᠬᠤᠳ᠋ᠠᠯᠳ᠋ᠤᠨ ᠠᠪᠬᠤ ᠤᠭᠤᠳ᠋ᠠ ᠲᠠᠷᠬᠠᠭᠠᠬᠤ ᠵᠡᠷᠭᠡ ᠬᠡᠯᠪᠡᠷᠢ ᠪᠠᠷ ᠲᠠᠮᠵᠢᠭᠤᠯᠤᠨ᠂ ᠤᠯᠠᠨ ᠲᠦ᠋ᠮᠡᠨ ᠳᠤ ᠤᠷᠴᠢᠨ ᠲᠤᠭᠤᠷᠢᠨ ᠤ ᠬᠠᠮᠠᠭᠠᠯᠠᠯᠳ᠋ᠠ ᠶᠢᠨ ᠬᠠᠦᠯᠢ ᠴᠠᠭᠠᠵᠠ ᠬᠠᠦᠯᠢ ᠲᠤᠭᠳ᠋ᠠᠭᠠᠯ ᠤᠨ ᠮᠡᠳ᠋ᠡᠯᠭᠡ ᠶᠢ ᠤᠬᠠᠭᠤᠯᠤᠨ ᠲᠠᠢ᠌ᠯᠪᠤᠷᠢᠯᠠᠵᠤ᠂ ᠤᠷᠴᠢᠨ ᠲᠤᠭᠤᠷᠢᠨ ᠤ ᠬᠠᠮᠠᠭᠠᠯᠠᠯᠳ᠋ᠠ ᠶᠢᠨ ᠤᠢ᠌ᠯᠠᠭᠠᠭᠳ᠋ᠠᠬᠤᠨ ᠢ ᠰᠠᠨᠠᠭᠠᠴᠢᠯᠡᠨ᠂ ᠤᠯᠠᠨ ᠢ ᠦᠪᠡᠷ ᠤᠨ ᠪᠡᠶ᠎ᠠ ᠡᠴᠡ ᠪᠠᠨ ᠡᠬᠢᠯᠡᠨ ᠬᠢᠵᠦ᠂ ᠭᠠᠷ ᠬᠤᠯᠪᠤᠨ ᠬᠦᠳ᠋ᠡᠯᠦᠯᠴᠡᠨ᠂ ᠠᠮᠢ ᠠᠬᠤᠢ ᠶᠢᠨ ᠪᠤᠯᠪᠠᠰᠤᠨ ᠤ ᠪᠠᠢ᠌ᠭᠤᠯᠤᠯᠳ᠋ᠠ ᠳᠤ ᠢᠳ᠋ᠡᠪᠬᠢᠳ᠋ᠠᠢ ᠤᠷᠤᠯᠴᠠᠵᠤ᠂ ᠪᠤᠬᠢᠷᠳ᠋ᠤᠯ ᠦᠭᠡᠶ ᠲᠤᠤᠷ᠎ᠠ ᠨᠡᠭᠦᠷᠡᠰᠦᠳ᠋ᠦᠷᠦᠭ᠍ᠴᠢᠳ᠋ᠦ ᠤᠢ᠌ᠯᠠᠭᠠᠭᠳ᠋ᠠᠬᠤᠨ ᠢ ᠦᠢᠯᠡᠳ᠋ᠦᠯᠭᠡᠵᠢᠭᠦᠯᠵᠦ᠂ ᠬᠦᠮᠦᠨ ᠬᠢᠭᠡᠳ ᠪᠠᠢ᠌ᠭᠠᠯᠢ ᠶᠢᠨ ᠡᠶ᠎ᠠ ᠵᠤᠬᠢᠴᠡᠯ ᠲᠡᠶ ᠪᠠᠷ ᠬᠠᠮᠳ᠋ᠤ ᠤᠷᠤᠰᠢᠬᠤ ᠦᠵᠡᠰᠭᠦᠯᠡᠩᠳ᠋ᠦ ᠰᠠᠢ᠌ᠬᠠᠨ ᠭᠡᠷ ᠤᠷᠤᠨ ᠢ ᠪᠦᠳ᠋ᠦᠭᠡᠨ ᠪᠠᠢ᠌ᠭᠤᠯᠬᠤ ᠶᠢ ᠤᠷᠢᠶᠠᠯᠠᠪᠠ᠃ (ᠯᠸᠢ ᠫᠠᠩ)