ᠤᠳᠤ ᠶᠢᠨ ᠪᠠᠢ᠌ᠷᠢ᠄ ᠴᠢᠬᠤᠯᠠ ᠮᠡᠳᠡᠭᠡ → ᠡᠦ ᠴᠢᠩ ᠬᠠᠢ ᠪᠠᠶᠠᠷᠳ᠋ᠤᠬᠤᠰᠢᠭᠤ ᠪᠠᠯᠭᠠᠰᠤᠨ ᠳᠤ᠁
ᠡᠦ ᠴᠢᠩ ᠬᠠᠢ ᠪᠠᠶᠠᠷᠳ᠋ᠤᠬᠤᠰᠢᠭᠤ ᠪᠠᠯᠭᠠᠰᠤᠨ ᠳᠤ ᠬᠦᠷᠴᠦ ᠦᠶᠡᠷ ᠢ ᠰᠡᠷᠭᠡᠢ᠌ᠯᠡᠨ ᠭᠠᠮᠰᠢᠭ ᠲᠡᠶ ᠲᠡᠮᠡᠴᠡᠬᠦ ᠠᠵᠢᠯ ᠢ ᠪᠠᠢ᠌ᠴᠠᠭᠠᠨ ᠵᠢᠯᠤᠭᠤᠳ᠋ᠤᠪᠠ

       7 ᠰᠠᠷ᠎ᠠ ᠶᠢᠨ 2᠊ᠦ ᠡᠳ᠋ᠦᠷ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠦ ᠴᠢᠩ ᠬᠠᠢ ᠪᠠᠶᠠᠷᠳ᠋ᠤᠬᠤᠰᠢᠭᠤ ᠪᠠᠯᠭᠠᠰᠤᠨ ᠳᠤ ᠬᠦᠷᠴᠦ ᠦᠶᠡᠷ ᠢ ᠰᠡᠷᠭᠡᠢ᠌ᠯᠡᠨ ᠭᠠᠮᠰᠢᠭ ᠲᠡᠶ ᠲᠡᠮᠡᠴᠡᠬᠦ ᠠᠵᠢᠯ ᠢ ᠪᠠᠢ᠌ᠴᠠᠭᠠᠨ ᠵᠢᠯᠤᠭᠤᠳᠪᠠ ᠃ ᠬᠤᠰᠢᠭᠤᠨ ᠤ ᠬᠠᠮᠢᠶ᠎ᠠ ᠪᠦᠬᠦᠢ ᠰᠠᠯᠠᠭ᠎ᠠ ᠮᠦ᠋ᠴᠢᠷ ᠤᠨ ᠬᠠᠷᠢᠭᠤᠴᠠᠯᠭᠠᠳ᠋ᠠᠨ  ᠪᠠᠷ᠎ᠠ ᠪᠣᠯᠣᠭᠰᠠᠨ ᠪᠠᠢ᠌ᠨ᠎ᠠ᠃

        
               ᠡᠦ ᠴᠢᠩ ᠬᠠᠢ ᠨᠡᠷ ᠤᠷᠢᠳ ᠬᠤᠵᠢᠳ ᠪᠠᠶᠠᠷᠳ᠋ᠤᠬᠤᠰᠢᠭᠤ ᠪᠠᠯᠭᠠᠰᠤᠨ ᠤ ᠬᠤᠪᠤᠯᠳ᠋ᠤ ᠭᠠᠴᠠᠭ᠎ᠠ᠂ ᠪᠠᠶᠠᠷᠳ᠋ᠤᠬᠤᠰᠢᠭᠤ ᠭᠠᠴᠠᠭ᠎ᠠ᠂ ᠦᠨᠳ᠋ᠦᠷᠬᠠᠳ᠋ᠠ ᠭᠠᠴᠠᠭᠠᠨ ᠤ ᠠᠶᠤᠯ ᠲᠦ᠋ᠭ᠍ᠰᠢᠭᠦᠷᠢ ᠲᠡᠶ ᠠᠵᠢᠯ ᠤᠨ ᠬᠡᠰᠡᠭ᠌ ᠪᠠ ᠭᠠᠢ ᠭᠠᠮᠰᠢᠭ ᠤᠨ ᠭᠤᠤᠯᠳ᠋ᠠᠯᠭ᠎ᠠ ᠲᠡᠶ ᠰᠡᠷᠭᠡᠢ᠌ᠯᠡᠯᠳ᠋ᠡ ᠶᠢᠨ ᠤᠷᠤᠨ ᠲᠤᠭᠤᠷᠢᠭ᠂ ᠦᠶᠡᠷ ᠢ ᠰᠡᠷᠭᠡᠢ᠌ᠯᠡᠬᠦ ᠭᠤᠤᠯᠳ᠋ᠠᠯᠭ᠎ᠠ ᠲᠡᠶ ᠭᠠᠵᠠᠷ ᠲᠤ ᠬᠦᠷᠴᠦ ᠵᠢᠯᠤᠭᠤᠳᠴᠦ ᠪᠠᠢ᠌ᠴᠠᠭᠠᠨ᠂ ᠪᠠᠶᠠᠷᠳ᠋ᠤᠬᠤᠰᠢᠭᠤ ᠪᠠᠯᠭᠠᠰᠤᠨ ᠤ ᠪᠤᠷᠤᠭᠠᠨ ᠤ ᠪᠠᠢ᠌ᠳ᠋ᠠᠯ᠂ ᠦᠶᠡᠷ ᠤᠨ ᠪᠠᠢ᠌ᠳ᠋ᠠᠯ᠂ ᠭᠠᠮᠰᠢᠭ ᠤᠨ ᠪᠠᠢ᠌ᠳ᠋ᠠᠯ᠂ ᠵᠢᠵᠢᠭ᠌ ᠤᠷᠤᠰᠬᠠᠯ ᠤᠨ ᠤᠷᠤᠨ ᠤ ᠠᠭᠤᠯᠠ ᠶᠢᠨ ᠦᠶᠡᠷ ᠢ ᠰᠡᠷᠭᠡᠢ᠌ᠯᠡᠬᠦ ᠠᠷᠭ᠎ᠠ ᠠᠪᠴᠠᠯ ᠢ ᠨᠠᠢ᠌ᠳ᠋ᠠᠪᠤᠷᠢᠵᠢᠭᠤᠯᠤᠭᠰᠠᠨ ᠪᠠᠢ᠌ᠳ᠋ᠠᠯ ᠵᠢᠴᠢ ᠰᠢᠪᠠᠷ ᠴᠢᠯᠠᠭᠤᠨ ᠤᠷᠤᠰᠬᠠᠯ᠂ ᠠᠭᠤᠯᠠᠨ ᠪᠡᠯ ᠶᠡᠭᠦᠷᠡᠬᠦ᠂ ᠵᠠᠮ ᠴᠦ᠋ᠮᠦᠷᠡᠭ᠍ᠰᠡᠨ ᠪᠠᠢ᠌ᠳ᠋ᠠᠯ ᠢ ᠨᠠᠷᠢᠯᠢᠭ ᠤᠢ᠌ᠯᠠᠭᠠᠬᠤ ᠶᠢᠨ ᠬᠠᠮᠳ᠋ᠤ ᠦᠶᠡᠷ ᠢ ᠰᠡᠷᠭᠡᠢ᠌ᠯᠡᠨ ᠭᠠᠮᠰᠢᠭ ᠲᠡᠶ ᠲᠡᠮᠡᠴᠡᠬᠦ ᠠᠵᠢᠯ ᠤᠨ ᠬᠠᠷᠢᠭᠤ ᠮᠡᠳ᠋ᠡᠭᠦᠯᠦᠯᠳ᠋ᠡ ᠶᠢ ᠰᠤᠨᠤᠰᠬᠤ ᠶᠢᠨ ᠬᠠᠮᠳ᠋ᠤ ᠵᠢᠭᠠᠵᠤ ᠭᠠᠷᠭᠠᠭᠰᠠᠨ ᠨᠢ᠂ ᠤᠢ᠌ᠷ᠎ᠠ ᠶᠢᠨ ᠬᠤᠭᠤᠴᠠᠭᠠᠨ ᠳᠤ᠂ ᠮᠠᠨ ᠤ ᠬᠤᠰᠢᠭᠤ ᠤᠯᠠᠨ ᠤᠳ᠋ᠠᠭ᠎ᠠ ᠰᠢᠷᠦᠭᠦᠨ ᠪᠤᠷᠤᠭᠠᠨ ᠤᠷᠤᠵᠤ᠂ ᠦᠶᠡᠷ ᠢ ᠰᠡᠷᠭᠡᠢ᠌ᠯᠡᠬᠦ ᠪᠠᠢ᠌ᠳ᠋ᠠᠯ ᠡᠳ᠋ᠦᠷ ᠢᠷᠡᠭᠦᠶ᠎ᠠ ᠪᠤᠳ᠋ᠤᠯᠢᠶᠠᠨᠳ᠋ᠠᠢ ᠪᠠᠢ᠌ᠵᠤ᠂ ᠡᠯ᠎ᠠ ᠭᠠᠵᠠᠷ ᠤᠷᠤᠨ᠂ ᠡᠯ᠎ᠠ ᠰᠠᠯᠠᠭ᠎ᠠ ᠮᠦ᠋ᠴᠢᠷ ᠤᠨ ᠬᠢᠨ ᠠᠷᠠᠳ ᠲᠦ᠋ᠮᠡᠨ ᠤ ᠠᠮᠢ ᠨᠠᠰᠤ ᠡᠳ᠋ ᠬᠦᠷᠦᠩᠬᠡ ᠶᠢᠨ ᠠᠮᠤᠷ ᠲᠦ᠋ᠪᠰᠢᠨ ᠢ ᠦᠨᠡᠨ ᠬᠦ ᠲᠡᠷᠢᠭᠦᠨ ᠪᠠᠢ᠌ᠷᠢᠨ ᠳᠤ ᠲᠠᠯᠪᠢᠨ᠂ ᠰᠢᠨᠵᠢᠯᠡᠬᠦ ᠤᠬᠠᠭᠠᠨᠴᠢ ᠪᠠᠷ  ᠤᠳ᠋ᠤᠬᠠᠨ ᠤ ᠪᠠᠢ᠌ᠳ᠋ᠠᠯ ᠢ ᠵᠠᠳ᠋ᠠᠯᠵᠤ᠂ ᠪᠦᠳ᠋ᠦᠮᠵᠢᠳ᠋ᠠᠢ ᠠᠷᠭ᠎ᠠ ᠠᠪᠴᠠᠯ ᠠᠪᠴᠦ᠂ ᠪᠦᠬᠦ ᠬᠦᠴᠦᠨ ᠶᠢᠡᠷ ᠶᠢᠡᠨ ᠤᠳ᠋ᠤᠬᠠᠨ ᠤ ᠦᠶᠡᠷ ᠢ ᠰᠡᠷᠭᠡᠢ᠌ᠯᠡᠬᠦ ᠠᠵᠢᠯ ᠢ ᠰᠠᠢ᠌ᠳ᠋ᠤᠷ ᠬᠢᠬᠦ ᠬᠡᠷᠡᠭ᠍ᠳ᠋ᠠᠢ ᠭᠡᠪᠡ᠃ 

       
              ᠡᠦ ᠴᠢᠩ ᠬᠠᠢ ᠡᠴᠡ᠂ ᠦᠶᠡᠷ ᠢ ᠰᠡᠷᠭᠡᠢ᠌ᠯᠡᠬᠦ ᠪᠠᠴᠢᠮ ᠪᠠᠢ᠌ᠳ᠋ᠠᠯ ᠢ ᠠᠷᠭᠠᠴᠠᠬᠤ ᠪᠠᠷᠢᠮᠵᠢᠶ᠎ᠠ ᠪᠠ ᠱᠠᠭᠠᠷᠳ᠋ᠠᠯᠭ᠎ᠠ ᠶᠢ ᠴᠢᠩᠭ᠎ᠠ ᠵᠢᠷᠤᠮᠯᠡᠨ᠂ ᠬᠠᠷᠢᠭᠤᠴᠠᠯᠭᠠᠳ᠋ᠤ ᠤᠬᠠᠮᠰᠡᠷ ᠪᠠ ᠠᠶᠤᠯ ᠲᠦ᠋ᠭ᠍ᠰᠢᠭᠦᠷᠢᠳ᠋ᠦ ᠤᠬᠠᠮᠰᠡᠷ ᠢ ᠤᠯᠠᠮ ᠨᠢᠭᠡ ᠠᠯᠬᠤᠮ ᠴᠢᠩᠭ᠋ᠠᠳᠬᠠᠨ᠂ ᠲᠡᠭᠡᠳ᠋ᠦ ᠬᠡᠮᠵᠢᠶ᠎ᠠ ᠪᠠᠷ ᠰᠡᠷᠡᠮᠵᠢᠯᠡᠬᠦ ᠶᠢ ᠪᠠᠷᠢᠮᠳ᠋ᠠᠯᠠᠵᠤ᠂ ᠭᠤᠷᠢᠳ᠋ᠠᠬᠤ ᠰᠡᠳᠭᠢᠯ ᠪᠠ  ᠲᠠᠪᠤᠰᠢᠷᠠᠬᠤ ᠰᠡᠳᠭᠢᠯ ᠊ᠢ ᠡᠷᠡᠰ ᠲᠡᠪᠴᠢᠨ᠂ ᠠᠵᠢᠯ ᠶᠢᠡᠨ ᠦᠨᠡᠨ ᠪᠠᠳ᠋ᠤᠳ᠋ᠠᠢ ᠨᠠᠷᠢᠯᠢᠭᠵᠢᠭᠤᠯᠵᠤ᠂ ᠡᠯ᠎ᠠ ᠲᠦ᠋ᠷᠦᠯ ᠤᠨ ᠰᠡᠷᠭᠡᠢ᠌ᠯᠡᠯᠳ᠋ᠡ ᠶᠢᠨ ᠠᠷᠭ᠎ᠠ ᠠᠪᠴᠠᠯ ᠢ ᠪᠤᠳ᠋ᠠᠳ᠋ᠠᠢ ᠳᠤ ᠨᠠᠢ᠌ᠳ᠋ᠠᠪᠤᠷᠢᠵᠢᠭᠤᠯᠵᠤ᠂ ᠬᠠᠷᠢᠭᠤᠴᠠᠯᠭ᠎ᠠ ᠶᠢ ᠪᠤᠳ᠋ᠠᠳ᠋ᠠᠢ ᠬᠦᠮᠦᠰ ᠲᠤ ᠬᠦᠷᠳ᠋ᠡᠯ᠎ᠠ ᠨᠠᠢ᠌ᠳ᠋ᠠᠪᠤᠷᠢᠵᠢᠭᠤᠯᠵᠤ᠂ ᠠᠶᠤᠯ ᠲᠦ᠋ᠭ᠍ᠰᠢᠭᠦᠷᠳ᠋ᠦ ᠲᠠᠯᠳ᠋ᠠ ᠭᠡᠮ ᠢ ᠵᠢᠭᠰᠠᠭᠠᠨ ᠪᠠᠢ᠌ᠴᠠᠭᠠᠬᠤ ᠡᠷᠴᠢᠮ ᠶᠢᠡᠨ ᠴᠢᠩᠭ᠋ᠠᠳᠬᠠᠨ᠂ ᠦᠶᠡᠷ ᠢ ᠰᠡᠷᠭᠡᠢ᠌ᠯᠡᠬᠦ  ᠪᠡᠯᠡᠳᠭᠡᠯ ᠲᠦ᠋ᠰᠦᠯ ᠤᠨ ᠰᠢᠨᠵᠢᠯᠡᠬᠦ ᠤᠬᠠᠭᠠᠨᠴᠢ ᠮᠦ᠋ᠷᠳ᠋ᠡᠭᠡᠨ ᠲᠤᠬᠢᠷᠠᠮᠵᠢᠳ᠋ᠠᠢ᠂ ᠠᠶᠤᠯ ᠡᠴᠡ ᠠᠪᠤᠷᠠᠬᠤ ᠡᠳ᠋ ᠪᠤᠳ᠋ᠠᠰ ᠤᠨ ᠬᠠᠳ᠋ᠠᠭᠠᠯᠠᠮᠵᠢ ᠭᠦᠢᠴᠡᠳ᠂ ᠦᠶᠡᠷ ᠢ ᠰᠡᠷᠭᠡᠢ᠌ᠯᠡᠬᠦ ᠵᠢᠯᠤᠭᠤᠳ᠋ᠤᠯᠭ᠎ᠠ ᠨᠢ ᠡᠷᠡᠰ ᠰᠢᠭᠤᠷᠬᠠᠢ ᠮᠦ᠋ᠷᠳ᠋ᠡᠭᠡᠨ ᠲᠦ᠋ᠷᠭᠡᠨ ᠪᠠᠢ᠌ᠬᠤ ᠶᠢ ᠪᠡᠶᠡᠯᠡᠭᠦᠯᠵᠦ᠂ ᠪᠠᠶᠠᠷᠳ᠋ᠤᠬᠤᠰᠢᠭᠤ ᠪᠠᠯᠭᠠᠰᠤᠨ ᠤ ᠨᠠᠮ ᠤᠨ ᠬᠤᠷᠢᠶ᠎ᠠ ᠵᠠᠰᠠᠭ ᠤᠨ ᠤᠷᠳ᠋ᠤᠨ ᠪᠠ ᠨᠠᠮ ᠤᠨ ᠭᠡᠰᠢᠭᠦᠨ ᠺᠠᠳ᠋ᠷᠴᠤᠳ ᠠᠵᠢᠯ ᠤᠨ ᠪᠠᠢ᠌ᠷᠢ ᠪᠠᠨ ᠪᠠᠳ᠋ᠤ ᠰᠠᠬᠢᠨ᠂ 24 ᠴᠠᠭ ᠶᠢᠡᠷ ᠵᠢᠵᠢᠭᠦᠷᠯᠡᠬᠦ ᠲᠦ᠋ᠷᠢᠮ ᠪᠠ ᠤᠳ᠋ᠤᠷᠢᠳ᠋ᠤᠯᠭ᠎ᠠ ᠲᠠᠭᠠᠭᠤᠯᠤᠨ ᠵᠢᠵᠢᠭᠦᠷᠯᠡᠬᠦ ᠲᠦ᠋ᠷᠢᠮ ᠢ ᠴᠢᠩᠭ᠎ᠠ ᠬᠡᠷᠡᠭ᠍ᠵᠢᠭᠦᠯᠵᠦ᠂ ᠮᠡᠳ᠋ᠡᠭᠡ ᠵᠠᠩᠭᠢ ᠶᠢᠨ ᠰᠠᠭᠠᠳ ᠦᠭᠡᠶ ᠨᠡᠪᠳ᠋ᠡᠷᠡᠬᠦ ᠶᠢ  ᠪᠠᠳ᠋ᠤᠯᠠᠨ᠂ ᠦᠶᠡᠷ ᠤᠨ ᠪᠠᠢ᠌ᠳ᠋ᠠᠯ ᠢ ᠦᠷᠭᠦᠯᠵᠢᠯᠡᠨ ᠡᠵᠡᠮᠳ᠋ᠡᠵᠦ᠂ ᠠᠶᠤᠯ ᠭᠠᠮᠰᠢᠭ ᠤᠨ ᠪᠠᠢ᠌ᠳ᠋ᠠᠯ ᠢ ᠡᠷᠳ᠋ᠡ ᠢᠯᠡᠷᠡᠭᠦᠯᠦᠨ᠂ ᠡᠷᠳ᠋ᠡ ᠮᠡᠳ᠋ᠡᠭᠦᠯᠵᠦ᠂ ᠡᠷᠳ᠋ᠡ ᠰᠢ᠌ᠳᠪᠤᠷᠢᠯᠡᠬᠦ ᠶᠢ ᠦᠨᠡᠨ ᠬᠦ ᠪᠠᠳ᠋ᠤᠯᠠᠬᠤ ᠬᠡᠷᠡᠭ᠍ᠳ᠋ᠠᠢ ᠭᠡᠵᠦ ᠴᠢᠩᠭ᠋ᠠᠳᠬᠠᠪᠠ᠃

       

       ᠪᠠᠢ᠌ᠴᠠᠭᠠᠯᠳ᠋ᠠ ᠶᠢᠨ ᠬᠤᠭᠤᠴᠠᠭᠠᠨ ᠳᠤ᠂ ᠡᠦ  ᠴᠢᠩ ᠬᠠᠢ  ᠪᠠᠶᠠᠷᠳ᠋ᠤᠬᠤᠰᠢᠭᠤ ᠰᠤᠷᠭᠠᠭᠤᠯᠢ ᠶᠢᠨ ᠦᠶᠡᠷ ᠢ ᠰᠡᠷᠭᠡᠢ᠌ᠯᠡᠬᠦ ᠠᠵᠢᠯ ᠢ ᠰᠠᠢ᠌ᠳ᠋ᠤᠷ ᠬᠢᠬᠦ ᠲᠤᠬᠠᠢ ᠪᠤᠳ᠋ᠠᠳ᠋ᠠᠢ ᠱᠠᠭᠠᠷᠳ᠋ᠠᠯᠭ᠎ᠠ ᠲᠤᠷᠠᠳ᠋ᠤᠪᠠ᠃ (ᠯᠸᠢ ᠫᠠᠩ)

ᠡᠮᠦᠨᠡᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠪᠦᠬᠦ ᠺᠠᠳ᠋ᠷ ᠠᠵᠢᠯᠳ᠋ᠡᠨ ᠢ ᠵᠤᠬᠢᠶᠠᠨ ᠪᠠᠢ᠌ᠭᠤᠯᠵᠤ ᠨᠠᠮ ᠪᠠᠢ᠌ᠭᠤᠯᠤᠭᠳ᠋ᠠᠭᠰᠠᠨ 100 ᠵᠢᠯ ᠤᠨ ᠤᠢ ᠶᠢ ᠪᠡᠯᠭᠡᠯᠡᠬᠦ ᠶᠡᠬᠡ ᠬᠤᠷᠠᠯ ᠤᠨ ᠰᠢᠭᠤᠳ ᠨᠡᠪᠳ᠋ᠡᠷᠡᠭᠦᠯᠭᠡ ᠶᠢ ᠬᠦᠯᠢᠶᠠᠨ ᠠᠪᠴᠦ ᠦᠵᠡᠪᠡ
ᠳᠠᠷᠠᠭᠠᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠪᠦᠬᠦ ᠺᠠᠳ᠋ᠷ ᠠᠵᠢᠯᠳ᠋ᠡᠨ ᠢ ᠵᠤᠬᠢᠶᠠᠨ ᠪᠠᠢ᠌ᠭᠤᠯᠵᠤ ᠬᠤᠭᠤᠴᠠᠭ᠎ᠠ ᠰᠤᠯᠢᠬᠤ ᠰᠤᠩᠭ᠋ᠤᠭᠤᠯᠢ ᠶᠢᠨ ᠰᠡᠷᠡᠮᠵᠢ ᠶᠢᠨ ᠬᠦᠮᠦᠵᠢᠯ ᠤᠨ ᠹᠢᠯᠢᠮ ᠦᠵᠡᠪᠡ