ᠤᠳᠤ ᠶᠢᠨ ᠪᠠᠢ᠌ᠷᠢ᠄ ᠴᠢᠬᠤᠯᠠ ᠮᠡᠳᠡᠭᠡ → ᠡᠦ ᠴᠢᠩ ᠬᠠᠢ ᠪᠠᠶᠠᠷᠳ᠋ᠤᠬᠤᠰᠢᠭᠤ ᠪᠠᠯᠭᠠᠰᠤᠨ ᠳᠤ᠁
ᠡᠦ ᠴᠢᠩ ᠬᠠᠢ ᠪᠠᠶᠠᠷᠳ᠋ᠤᠬᠤᠰᠢᠭᠤ ᠪᠠᠯᠭᠠᠰᠤᠨ ᠳᠤ ᠬᠦᠷᠴᠦ ᠦᠶᠡᠷ ᠢ ᠰᠡᠷᠭᠡᠢ᠌ᠯᠡᠬᠦ ᠠᠵᠢᠯ ᠢ ᠬᠢᠨᠠᠨ ᠵᠢᠯᠤᠭᠤᠳ᠋ᠤᠪᠠ


       
              7 ᠰᠠᠷ᠎ᠠ ᠶᠢᠨ 6᠊ᠦ ᠡᠳ᠋ᠦᠷ ᠤᠨ ᠦᠳ᠋ᠡ ᠶᠢᠨ ᠡᠮᠦᠨ᠎ᠠ᠂ ᠲᠦ᠋ᠩᠯᠢᠶᠤᠤ ᠬᠤᠳ᠋ᠠ ᠶᠢᠨ ᠴᠠᠭ ᠠᠭᠤᠷ ᠤᠨ ᠬᠤᠷᠢᠶ᠎ᠠ ᠡᠴᠡ ᠰᠢᠷᠦᠭᠦᠨ ᠪᠤᠷᠤᠭᠠᠨ ᠤ ᠰᠢᠷ᠎ᠠ ᠦᠩᠭᠡ ᠶᠢᠨ ᠰᠡᠷᠡᠮᠵᠢ ᠶᠢᠨ ᠲᠤᠬᠢᠶ᠎ᠠ ᠨᠡᠢ᠌ᠳ᠋ᠡᠯᠡᠪᠡ᠂ ᠰᠡᠷᠮᠵᠢᠭᠦᠯᠦᠯ ᠢ ᠲᠤᠰᠤᠭᠰᠠᠨ ᠤ ᠲᠠᠷᠠᠭ᠎ᠠ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠦ ᠴᠢᠩ ᠬᠠᠢ ᠲᠡᠷᠡ ᠲᠠᠷᠤᠢ ᠳ᠋ᠤᠨᠢ ᠪᠠᠶᠠᠷᠳ᠋ᠤᠬᠤᠰᠢᠭᠤ ᠪᠠᠯᠭᠠᠰᠤᠨ ᠳᠤ ᠬᠦᠷᠴᠦ ᠦᠶᠡᠷ ᠢ ᠰᠡᠷᠭᠡᠢ᠌ᠯᠡᠬᠦ ᠠᠵᠢᠯ ᠢ ᠪᠠᠢ᠌ᠴᠠᠭᠠᠨ ᠵᠢᠯᠤᠭᠤᠳᠬᠤ ᠶᠢᠨ ᠬᠠᠮᠳ᠋ᠤ ᠲᠤᠬᠢᠷᠠᠭᠤᠯᠤᠨ ᠪᠠᠢ᠌ᠷᠢᠯᠠᠭᠤᠯᠪᠠ᠃ 

       
              ᠦᠶᠡᠷ ᠢ ᠰᠡᠷᠭᠡᠢ᠌ᠯᠡᠬᠦ ᠠᠵᠢᠯ ᠤᠨ ᠲᠤᠬᠠᠢ ᠶᠢᠨ ᠲᠠᠯᠠᠪᠤᠷ ᠲᠤ᠂ ᠪᠠᠯᠭᠠᠰᠤᠨ ᠤ ᠨᠠᠮ ᠤᠨ ᠬᠤᠷᠢᠶ᠎ᠠ ᠵᠠᠰᠠᠭ ᠤᠨ ᠤᠷᠳ᠋ᠤᠨ ᠤ ᠬᠠᠮᠢᠶ᠎ᠠ ᠪᠦᠬᠦᠢ ᠬᠠᠷᠢᠭᠤᠴᠠᠯᠭᠠᠳ᠋ᠠᠨ ᠤ ᠦᠶᠡᠷ ᠢ ᠰᠡᠷᠭᠡᠢ᠌ᠯᠡᠬᠦ ᠠᠵᠢᠯ ᠤᠨ ᠲᠤᠬᠠᠢ ᠬᠠᠷᠢᠭᠤ ᠮᠡᠳ᠋ᠡᠭᠦᠯᠦᠯᠳ᠋ᠡ ᠶᠢ ᠰᠤᠨᠤᠰᠤᠭᠰᠠᠨ ᠤ ᠲᠠᠷᠠᠭ᠎ᠠ᠂ ᠪᠠᠶᠠᠷᠳ᠋ᠤᠬᠤᠰᠢᠭᠤ ᠪᠠᠯᠭᠠᠰᠤᠨ ᠤ ᠦᠶᠡᠷ ᠢ ᠰᠡᠷᠭᠡᠢ᠌ᠯᠡᠬᠦ ᠠᠵᠢᠯ ᠤᠨ ᠬᠤᠷᠠᠯ ᠬᠤᠷᠠᠯᠳ᠋ᠤᠭᠤᠯᠵᠤ᠂ ᠲᠠᠷᠠᠭᠠᠴᠢ ᠶᠢᠨ ᠠᠯᠬᠤᠮ ᠤᠨ ᠠᠵᠢᠯ ᠳᠤ ᠪᠤᠳ᠋ᠠᠳ᠋ᠠᠢ ᠱᠠᠭᠠᠷᠳ᠋ᠠᠯᠭ᠎ᠠ ᠲᠤᠷᠠᠳ᠋ᠤᠭᠰᠠᠨ ᠪᠠᠢ᠌ᠨ᠎ᠠ᠃ ᠡᠦ ᠴᠢᠩ ᠬᠠᠢ ᠡᠴᠡ᠂ ᠤᠢ᠌ᠷ᠎ᠠ ᠳᠤ ᠮᠠᠨ ᠤ ᠬᠤᠰᠢᠭᠤ ᠰᠢᠷᠦᠭᠦᠨ ᠪᠤᠷᠤᠭᠠᠨ ᠢᠯᠡᠳᠳ᠋ᠡ ᠨᠡᠮᠡᠭ᠍ᠳ᠋ᠡᠨ᠂  ᠠᠶᠤᠩᠭ᠋ᠠᠳ᠋ᠤ ᠪᠤᠷᠤᠭᠠᠨ ᠤᠷᠤᠵᠤ ᠶᠡᠬᠡ ᠰᠠᠯᠬᠢ ᠡᠭᠦᠰᠬᠦ᠂ ᠮᠦ᠋ᠨᠳ᠋ᠦᠷ ᠤᠷᠤᠬᠤ ᠵᠡᠷᠭᠡ ᠬᠦᠴᠦᠷᠬᠡᠭ᠌ ᠶᠡᠬᠡ ᠠᠭᠠᠷ ᠤᠨ ᠤᠷᠤᠰᠬᠠᠯ ᠶᠡᠷᠦᠳ᠋ᠡᠭᠡᠨ ᠡᠭᠦᠰᠴᠦ᠂ ᠦᠶᠡᠷ ᠭᠠᠮᠰᠢᠭ ᠢ ᠰᠡᠷᠭᠡᠢ᠌ᠯᠡᠬᠦ ᠡᠭᠦᠷᠭᠡ ᠬᠦᠨᠳ᠋ᠦ ᠮᠦ᠋ᠷᠳ᠋ᠡᠭᠡᠨ ᠶᠡᠬᠡ ᠪᠠᠢ᠌ᠨ᠎ᠠ ᠭᠡᠵᠦ ᠵᠢᠭᠠᠵᠤ ᠭᠠᠷᠭᠠᠪᠠ᠃

         
              ᠡᠦ ᠴᠢᠩ ᠬᠠᠢ ᠡᠴᠡ᠂ ᠪᠠᠶᠠᠷᠳ᠋ᠤᠬᠤᠰᠢᠭᠤ ᠪᠠᠯᠭᠠᠰᠤᠨ ᠤ ᠨᠠᠮ ᠤᠨ ᠬᠤᠷᠢᠶ᠎ᠠ ᠵᠠᠰᠠᠭ ᠤᠨ ᠤᠷᠳ᠋ᠤᠨ᠂ ᠨᠠᠮ ᠤᠨ ᠭᠡᠰᠢᠭᠦᠨ ᠺᠠᠳ᠋ᠷᠴᠤᠳ ᠪᠠ ᠤᠯᠠᠨ ᠲᠦ᠋ᠮᠡᠨ ᠤ ᠵᠤᠬᠢᠶᠠᠨ ᠪᠠᠢ᠌ᠭᠤᠯᠵᠤ  ᠲᠠᠢ᠌ᠴᠢᠯᠠᠬᠤ ᠴᠢᠳ᠋ᠠᠪᠤᠷᠢ ᠶᠢ ᠤᠯᠠᠮ ᠨᠢᠭᠡ ᠠᠯᠬᠤᠮ ᠲᠡᠭᠡᠭ᠍ᠰᠢᠯᠡᠭᠦᠯᠵᠦ᠂ ᠪᠦᠬᠦ ᠠᠷᠠᠳ ᠤᠨ ᠦᠪᠡᠷ ᠢ ᠪᠠᠨ ᠠᠪᠤᠷᠠᠬᠤ ᠴᠢᠳ᠋ᠠᠪᠤᠷᠢ ᠪᠠ ᠭᠠᠮᠰᠢᠭ ᠢ ᠰᠡᠷᠭᠡᠢ᠌ᠯᠡᠵᠦ ᠭᠠᠮᠰᠢᠭ ᠢ ᠪᠠᠭᠠᠰᠬᠠᠬᠤ ᠴᠢᠳ᠋ᠠᠪᠤᠷᠢ ᠢ ᠴᠢᠩᠭ᠋ᠠᠷᠠᠭᠤᠯᠤᠨ᠂ ᠠᠶᠤᠯ ᠲᠦ᠋ᠭ᠍ᠰᠢᠭᠦᠷᠢᠳ᠋ᠦ ᠲᠠᠯᠳ᠋ᠠ ᠭᠡᠮ ᠢ ᠵᠢᠭᠰᠠᠭᠠᠨ ᠪᠠᠢ᠌ᠴᠠᠭᠠᠬᠤ ᠶᠢ ᠴᠢᠩᠭ᠋ᠠᠳᠬᠠᠵᠤ᠂ ᠰᠢᠨᠵᠢᠯᠡᠬᠦ ᠤᠬᠠᠭᠠᠨᠴᠢ᠂ ᠵᠦ᠋ᠪ ᠤᠨᠤᠪᠴᠢᠳ᠋ᠠᠢ᠂ ᠦᠷ᠎ᠠ ᠪᠦᠳ᠋ᠦᠮᠵᠢᠳ᠋ᠠᠢ ᠠᠷᠭ᠎ᠠ ᠠᠪᠴᠠᠯ ᠢ ᠤᠷᠢᠳᠴᠢᠯᠡᠨ ᠠᠪᠴᠦ᠂ ᠡᠯ᠎ᠠ ᠭᠠᠴᠠᠭ᠎ᠠ ᠲᠤᠰᠬᠤᠨ ᠤ ᠤᠳ᠋ᠤᠷᠢᠳ᠋ᠤᠯᠭ᠎ᠠ ᠶᠢᠨ ᠬᠠᠷᠢᠭᠤᠴᠠᠯᠭ᠎ᠠ ᠶᠢ ᠲᠤᠳ᠋ᠤᠷᠬᠠᠢ᠌ᠯᠠᠨ᠂ ᠬᠠᠷᠢᠭᠤᠴᠠᠯᠭ᠎ᠠ ᠶᠢ ᠬᠦᠮᠦᠨ  ᠪᠦᠷᠢ ᠳᠤ ᠨᠠᠢ᠌ᠳ᠋ᠠᠪᠤᠷᠢᠵᠢᠭᠤᠯᠵᠤ᠂ ᠦᠢᠯᠡ ᠠᠵᠢᠯᠯᠠᠭ᠎ᠠ ᠲᠡᠭᠡᠷ᠎ᠠ ᠪᠠᠨ ᠢᠯᠡᠷᠡᠭᠦᠯᠦᠨ᠂ ᠦᠶᠡᠷ ᠢ ᠰᠡᠷᠭᠡᠢ᠌ᠯᠡᠬᠦ ᠠᠵᠢᠯ ᠤᠨ ᠬᠠᠷᠢᠭᠤᠴᠠᠯᠭᠠᠳ᠋ᠤ ᠤᠬᠠᠮᠰᠡᠷ ᠪᠠ ᠠᠶᠤᠯ ᠲᠦ᠋ᠭ᠍ᠰᠢᠭᠦᠷᠳ᠋ᠦ ᠤᠬᠠᠮᠰᠡᠷ ᠢ ᠦᠨᠡᠨ ᠪᠠᠳ᠋ᠤᠳ᠋ᠠᠢ ᠴᠢᠩᠭ᠋ᠠᠳᠬᠠᠵᠤ᠂ ᠪᠠᠴᠢᠮ ᠪᠠᠢ᠌ᠳ᠋ᠠᠯ ᠢ ᠠᠷᠠᠭᠠᠴᠠᠬᠤ ᠴᠢᠳ᠋ᠠᠪᠤᠷᠢ ᠢ ᠲᠡᠭᠡᠭ᠍ᠰᠢᠯᠡᠭᠦᠯᠦᠨ᠂ ᠦᠶᠡᠷ ᠢ ᠰᠡᠷᠭᠡᠢ᠌ᠯᠡᠬᠦ ᠡᠳ᠋ ᠪᠤᠳ᠋ᠠᠰ ᠢ ᠭᠦᠢᠴᠡᠳ ᠪᠡᠯᠡᠳᠭᠡᠬᠦ ᠶᠢᠨ ᠬᠠᠮᠳ᠋ᠤ ᠦᠶᠡᠷ ᠢ ᠰᠡᠷᠭᠡᠢ᠌ᠯᠡᠵᠦ ᠠᠶᠤᠯ ᠡᠴᠡ ᠠᠪᠤᠷᠠᠬᠤ ᠲᠦ᠋ᠰᠦᠯ ᠪᠤᠯᠤᠨ ᠲᠤᠬᠢᠷᠠᠭᠤᠯᠤᠨ ᠨᠠᠢ᠌ᠳ᠋ᠠᠪᠤᠷᠢᠵᠢᠭᠤᠯᠬᠤ ᠲᠦ᠋ᠰᠦᠯ ᠢ ᠱᠠᠳ᠋ᠤ ᠬᠤᠪᠢᠶᠠᠨ ᠨᠠᠷᠢᠨ ᠨᠢᠮᠪᠠᠢ ᠰᠠᠢ᠌ᠳ᠋ᠤᠷ ᠬᠢᠵᠦ᠂ ᠪᠦᠬᠦ ᠬᠦᠴᠦᠨ ᠶᠢᠡᠷ ᠶᠢᠡᠨ ᠤᠯᠠᠨ ᠲᠦ᠋ᠮᠡᠨ ᠤ ᠠᠮᠢ ᠨᠠᠰᠤ ᠡᠳ᠋ ᠬᠦᠷᠦᠩᠭᠡ ᠶᠢᠨ ᠠᠮᠤᠷ ᠲᠦ᠋ᠪᠰᠢᠨ ᠢ ᠪᠠᠳ᠋ᠤᠯᠠᠬᠤ ᠬᠡᠷᠡᠭ᠍ᠳ᠋ᠠᠢ ᠭᠡᠵᠦ ᠱᠠᠭᠠᠷᠳ᠋ᠠᠪᠠ᠃ (ᠯᠸᠢ ᠫᠠᠩ)

ᠡᠮᠦᠨᠡᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠪᠦᠬᠦ ᠺᠠᠳ᠋ᠷ ᠠᠵᠢᠯᠳ᠋ᠡᠨ ᠢ ᠵᠤᠬᠢᠶᠠᠨ ᠪᠠᠢ᠌ᠭᠤᠯᠵᠤ ᠬᠤᠭᠤᠴᠠᠭ᠎ᠠ ᠰᠤᠯᠢᠬᠤ ᠰᠤᠩᠭ᠋ᠤᠭᠤᠯᠢ ᠶᠢᠨ ᠰᠡᠷᠡᠮᠵᠢ ᠶᠢᠨ ᠬᠦᠮᠦᠵᠢᠯ ᠤᠨ ᠹᠢᠯᠢᠮ ᠦᠵᠡᠪᠡ
ᠳᠠᠷᠠᠭᠠᠬᠢ᠄ ᠦᠪᠡᠷᠳ᠋ᠡᠭᠡᠨ ᠵᠠᠰᠠᠬᠤ ᠤᠷᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠴᠠᠭᠠᠨ ᠰᠤᠳ᠋ᠤᠯᠬᠤ ᠲᠤᠭᠤᠢ᠌ᠯᠠᠩ ᠵᠠᠷᠤᠳ ᠬᠤᠰᠢᠭᠤᠨ ᠳᠤ ᠢᠷᠡᠵᠦ ᠨᠠᠰᠤᠳ᠋ᠠᠢ᠌ᠴᠤᠳ ᠤᠨ ᠠᠰᠠᠷᠠᠮᠵᠢ ᠶᠢᠨ ᠦᠢᠯᠡᠴᠢᠯᠡᠭᠡᠨ ᠤ ᠠᠵᠢᠯ ᠢ ᠪᠠᠢ᠌ᠴᠠᠭᠠᠨ ᠰᠤᠳ᠋ᠤᠯᠪᠠ