ᠤᠳᠤ ᠶᠢᠨ ᠪᠠᠢ᠌ᠷᠢ᠄ ᠨᠠᠮ ᠤᠨ ᠪᠦᠳᠤᠭᠡᠨ ᠪᠠᠢ᠌ᠭᠤᠯᠤᠯᠳᠠ ᠶᠢᠨ ᠠᠵᠢᠯ → ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ᠁
ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠵᠠᠷᠤᠳ ᠬᠤᠰᠢᠭᠤᠨ ᠤ ᠠᠷᠪᠠᠨ ᠭᠤᠷᠪᠠᠳ᠋ᠤᠭᠠᠷ ᠤᠳ᠋ᠠᠭᠠᠨ ᠤ ᠨᠠᠮ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠵᠤᠷᠢᠭ ᠰᠠᠨᠠᠭ᠎ᠠ ᠶᠢ ᠤᠯᠠᠮᠵᠢᠯᠡᠨ ᠰᠤᠷᠤᠯᠴᠠᠪᠠ

 

       
             8 ᠰᠠᠷ᠎ᠠ ᠶᠢᠨ 2 ᠤ ᠡᠳ᠋ᠦᠷ ᠤᠨ ᠦᠳ᠋ᠡ ᠶᠢᠨ ᠬᠤᠢ᠌ᠨ᠎ᠠ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠨᠠᠮ ᠤᠨ ᠭᠡᠰᠢᠭᠦᠨ ᠺᠠᠳ᠋ᠷᠴᠤᠳ ᠢ ᠵᠤᠬᠢᠶᠠᠨ ᠪᠠᠢ᠌ᠭᠤᠯᠵᠤ᠂ ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠵᠠᠷᠤᠳ ᠬᠤᠰᠢᠭᠤᠨ ᠤ ᠠᠷᠪᠠᠨ ᠭᠤᠷᠪᠠᠳ᠋ᠤᠭᠠᠷ ᠤᠳ᠋ᠠᠭᠠᠨ ᠤ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠵᠤᠷᠢᠭ ᠰᠠᠨᠠᠭ᠎ᠠ ᠶᠢ ᠤᠯᠠᠮᠵᠢᠯᠡᠨ ᠰᠤᠷᠤᠯᠴᠠᠪᠠ᠂ ᠬᠤᠷᠠᠯ ᠢ ᠪᠠᠢ᠌ᠭᠤᠯᠭ᠎ᠠ ᠶᠢᠨ ᠨᠠᠮ ᠤᠨ ᠡᠬᠦᠷ ᠤᠨ ᠱᠦ᠋ᠵᠢ ᠯᠢ ᠴᠸᠩ ᠭᠦᠸᠸ ᠡᠷᠬᠢᠯᠡᠭ᠍ᠰᠡᠨ ᠪᠦᠭᠡᠳ ᠲᠠᠭᠠᠭᠤᠯᠤᠨ ᠰᠤᠷᠤᠯᠴᠠᠪᠠ᠃

       
           ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠵᠠᠷᠤᠳ ᠬᠤᠰᠢᠭᠤᠨ ᠤ ᠠᠷᠪᠠᠨ ᠭᠤᠷᠪᠠᠳ᠋ᠤᠭᠠᠷ ᠤᠳ᠋ᠠᠭᠠᠨ ᠤ ᠲᠦ᠋ᠯᠦᠭᠡᠯᠡᠭ᠍ᠴᠢᠳ ᠤᠨ ᠶᠡᠬᠡ ᠬᠤᠷᠠᠯ ᠲᠡᠭᠡᠷ᠎ᠠ᠂ ᠬᠤᠰᠢᠭᠤᠨ ᠤ ᠨᠠᠮ ᠤᠨ ᠬᠤᠷᠢᠶᠠᠨ ᠤ ᠱᠦ᠋ᠵᠢ ᠱᠤᠤ ᠶᠠᠨ ᠵᠢᠶ‍ᠦ᠋ᠨ 《ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠪᠠᠳ᠋ᠤ ᠴᠡᠭᠡᠵᠢᠯᠡᠨ᠂ ᠰᠠᠢ᠌ᠨ ᠰᠠᠢ᠌ᠬᠠᠨ ᠢᠷᠡᠬᠡᠳ᠋ᠦᠢ ᠶᠢ ᠴᠤᠭᠴᠠᠯᠠᠨ᠂ ᠨᠡᠢ᠌ᠭᠡᠮ ᠵᠢᠷᠤᠮ ᠤᠨ ᠤᠳ᠋ᠤᠬᠢᠴᠢᠯᠠᠯᠳ᠋ᠠ ᠶᠢᠨ ᠵᠠᠷᠤᠳ ᠬᠤᠰᠢᠭᠤ ᠶᠢ ᠪᠦᠳ᠋ᠦᠭᠡᠨ ᠪᠠᠢ᠌ᠭᠤᠯᠬᠤ ᠶᠢᠨ ᠲᠦ᠋ᠯᠦᠭᠡ ᠲᠡᠮᠡᠴᠡᠶ᠎ᠠ》 ᠭᠡᠬᠦ ᠰᠡᠳ᠋ᠦᠪ ᠶᠢᠡᠷ ᠮᠡᠳ᠋ᠡᠭᠦᠯᠦᠯᠳ᠋ᠡ ᠬᠢᠵᠦ᠂ ᠦᠩᠭᠡᠷᠡᠭ᠍ᠰᠡᠨ ᠲᠠᠪᠤᠨ ᠵᠢᠯ ᠤᠨ ᠠᠵᠢᠯ ᠶᠢᠡᠨ ᠪᠦᠬᠦ ᠲᠠᠯ᠎ᠠ ᠪᠠᠷ ᠡᠷᠭᠢᠴᠡᠭᠦᠯᠦᠨ᠂ ᠬᠤᠢ᠌ᠰᠢᠳ᠋ᠡ ᠶᠢᠨ ᠲᠠᠪᠤᠨ ᠵᠢᠯ ᠤᠨ ᠵᠢᠯᠤᠭᠤᠳᠬᠤ ᠦᠵᠡᠯ ᠰᠠᠨᠠᠭ᠎ᠠ ᠪᠤᠯᠤᠨ ᠲᠡᠮᠡᠴᠡᠬᠦ ᠬᠠᠷᠠᠯᠳ᠋ᠠ ᠪᠠᠨ ᠲᠤᠳ᠋ᠤᠷᠬᠠᠢ᠌ᠯᠠᠪᠠ᠃

         
             ᠬᠤᠷᠠᠯ ᠡᠴᠡ᠂ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠪᠦᠬᠦ ᠨᠠᠮ ᠤᠨ ᠭᠡᠰᠢᠭᠦᠨ ᠺᠠᠳ᠋ᠷᠴᠤᠳ ᠦᠵᠡᠯ ᠰᠠᠨᠠᠭ᠎ᠠ ᠲᠠᠨᠢᠯᠳ᠋ᠠ ᠪᠠᠨ ᠲᠡᠭᠡᠭ᠍ᠰᠢᠯᠡᠭᠦᠯᠦᠨ᠂  ᠲᠦ᠋ᠷᠦᠭᠦᠯᠡᠨ ᠰᠤᠷᠤᠯᠴᠠᠵᠤ᠂ ᠪᠤᠳ᠋ᠠᠳ᠋ᠠᠢ ᠡᠭᠦᠷᠭᠡ ᠶᠢ ᠲᠦ᠋ᠷᠦᠭᠦᠯᠡᠨ ᠡᠵᠡᠮᠳ᠋ᠡᠨ᠂ ᠤᠯᠤᠰ ᠲᠦ᠋ᠷᠦ ᠶᠢᠨ ᠮᠠᠭᠠᠳᠯᠠᠬᠤ ᠴᠢᠳ᠋ᠠᠪᠤᠷᠢ᠂ ᠤᠯᠤᠰ ᠲᠦ᠋ᠷᠦ ᠶᠢᠨ ᠤᠢ᠌ᠯᠠᠭᠠᠬᠤ ᠴᠢᠳ᠋ᠠᠪᠤᠷᠢ᠂ ᠤᠯᠤᠰ ᠲᠦ᠋ᠷᠦ ᠶᠢᠨ ᠭᠦᠢᠴᠡᠳᠭᠡᠬᠦ ᠴᠢᠳ᠋ᠠᠪᠤᠷᠢ ᠪᠠᠨ ᠲᠠᠰᠤᠷᠠᠯᠳ᠋ᠠ ᠦᠭᠡᠶ ᠲᠡᠭᠡᠭ᠍ᠰᠢᠯᠡᠭᠦᠯᠬᠦ ᠶᠢᠨ ᠬᠠᠮᠳ᠋ᠤ᠂ ᠬᠤᠰᠢᠭᠤᠨ ᠤ ᠨᠠᠮ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠵᠤᠷᠢᠭ ᠰᠠᠨᠠᠭ᠎ᠠ ᠶᠢ ᠲᠤᠭᠤᠰᠢᠯᠠᠭᠤᠯᠤᠨ ᠨᠠᠢ᠌ᠳ᠋ᠠᠪᠤᠷᠢᠵᠢᠭᠤᠯᠬᠤ ᠶᠢ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ  ᠴᠢᠬᠤᠯᠠ ᠠᠵᠢᠯ ᠲᠡᠶ ᠤᠶᠠᠯᠳ᠋ᠤᠭᠤᠯᠤᠨ᠂ ᠭᠤᠤᠯᠳ᠋ᠠᠯᠭ᠎ᠠ ᠶᠢᠨ ᠲᠤᠭᠤᠷᠢᠨ ᠳᠤ ᠶᠡᠬᠡ ᠲᠠᠯ᠎ᠠ ᠳᠤ ᠦᠢᠯᠡᠴᠢᠯᠡᠵᠦ᠂ ᠨᠠᠮ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠰᠢᠨ᠎ᠠ ᠪᠠᠢ᠌ᠷᠢᠯᠠᠭᠤᠯᠤᠯᠳ᠋ᠠ ᠰᠢᠨ᠎ᠠ ᠱᠠᠭᠠᠷᠳ᠋ᠠᠯᠭ᠎ᠠ ᠶᠢ ᠨᠠᠷᠢᠨ ᠬᠢᠨᠠᠮᠠᠭᠠᠢ ᠲᠤᠭᠤᠰᠢᠯᠭᠤᠯᠤᠨ ᠨᠠᠢ᠌ᠳ᠋ᠠᠪᠤᠷᠢᠵᠢᠭᠤᠯᠵᠤ᠂ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠡᠭᠦᠷᠭᠡ ᠴᠢᠳ᠋ᠠᠪᠬᠢ ᠶᠢᠨ ᠪᠠᠢ᠌ᠷᠢ ᠲᠤᠭᠳ᠋ᠠᠭᠠᠯᠳ᠋ᠠ ᠳᠤ ᠰᠠᠭᠤᠷᠢᠯᠡᠨ᠂ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠠᠵᠢᠯ ᠤᠨ ᠪᠤᠳ᠋ᠠᠳ᠋ᠤ ᠪᠠᠢ᠌ᠳ᠋ᠠᠯ ᠲᠡᠶ ᠨᠢᠭᠳ᠋ᠠ ᠤᠶᠠᠯᠳ᠋ᠤᠭᠤᠯᠵᠤ᠂ ᠠᠵᠢᠯ ᠤᠨ ᠰᠡᠳᠭᠢᠮᠵᠢ ᠪᠠᠨ ᠲᠠᠰᠤᠷᠠᠯᠳ᠋ᠠ ᠦᠭᠡᠶ ᠲᠡᠭᠦᠯᠳ᠋ᠡᠷᠵᠢᠭᠦᠯᠵᠦ᠂ ᠠᠵᠢᠯ ᠤᠨ ᠠᠷᠭ᠎ᠠ ᠠᠪᠴᠠᠯ ᠶᠢᠡᠨ ᠨᠠᠷᠢᠯᠢᠭᠵᠢᠭᠤᠯᠤᠨ᠂ ᠪᠤᠳ᠋ᠠᠳ᠋ᠤ ᠠᠵᠢᠯ ᠤᠨ ᠦᠷ᠎ᠠ ᠪᠦᠳ᠋ᠦᠮᠵᠢ ᠪᠠᠷ ᠨᠡᠢ᠌ᠭᠡᠮ ᠵᠢᠷᠤᠮ ᠤᠨ ᠤᠳ᠋ᠤᠬᠢᠴᠢᠯᠠᠯᠳ᠋ᠠ ᠶᠢᠨ ᠪᠦᠳ᠋ᠦᠭᠡᠨ ᠪᠠᠢ᠌ᠭᠤᠯᠤᠯᠳ᠋ᠠ ᠳᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠬᠦᠴᠦᠨ ᠴᠢᠳ᠋ᠠᠯ ᠶᠢᠡᠨ ᠡᠷᠭᠦᠬᠦ ᠬᠡᠷᠡᠭ᠍ᠳ᠋ᠠᠢ ᠭᠡᠵᠦ ᠱᠠᠭᠠᠷᠳ᠋ᠠᠪᠠ᠃ (ᠯᠸᠢ ᠫᠠᠩ)

ᠡᠮᠦᠨᠡᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠲᠦ᠋ᠪᠯᠡᠷᠡᠭᠦᠯᠦᠨ ᠰᠤᠷᠤᠯᠴᠠᠬᠤ ᠬᠤᠷᠠᠯ ᠬᠤᠷᠠᠯᠳ᠋ᠤᠭᠤᠯᠪᠠ
ᠳᠠᠷᠠᠭᠠᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠤᠳ᠋ᠤᠷᠢᠳᠬᠤ ᠲᠤᠭᠤᠢ᠌ᠯᠠᠩ ᠬᠤᠰᠢᠭᠤᠨ ᠤ ᠨᠠᠮ ᠤᠨ ᠬᠤᠷᠢᠶᠠᠨ ᠤ ᠭᠤᠷᠪᠠᠳ᠋ᠤᠭᠠᠷ ᠴᠠᠭᠳ᠋ᠠᠨ ᠪᠠᠢ᠌ᠴᠠᠭᠠᠬᠤ ᠲᠤᠭᠤᠢ᠌ᠯᠠᠩ ᠤᠨ ᠴᠠᠭᠳ᠋ᠠᠨ ᠪᠠᠢ᠌ᠴᠠᠭᠠᠭᠰᠠᠨ ᠬᠠᠷᠢᠭᠤ ᠲᠤᠰᠬᠠᠯᠳ᠋ᠠ ᠶᠢ ᠴᠡᠭ᠍ᠴᠡᠯᠡ ᠨᠰᠠᠢ᠌ᠵᠢᠷᠠᠭᠤᠯᠬᠤ ᠲᠤᠰᠬᠠᠢ ᠰᠡᠳ᠋ᠦᠪᠳ᠋ᠦ ᠠᠷᠠᠳᠴᠢᠯᠠᠯ ᠤᠨ ᠠᠮᠢᠳ᠋ᠤᠷᠠᠯ ᠤᠨ ᠬᠤᠷᠠᠯ ᠬᠤᠷᠠᠯᠳ᠋ᠤᠭᠤᠯᠪᠠ