ᠡᠦ ᠴᠢᠩ ᠬᠠᠢ ᠦᠨᠳ᠋ᠦᠰᠦᠨ ᠱᠠᠳ᠋ᠤᠨ ᠳᠤ ᠭᠦᠨᠵᠡᠭᠡᠢ᠌ᠷᠡᠨ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠬᠤᠭᠤᠴᠠᠭ᠎ᠠ ᠰᠤᠯᠢᠬᠤ ᠰᠤᠩᠭ᠋ᠤᠭᠤᠯᠢ ᠶᠢᠨ ᠠᠵᠢᠯ ᠬᠡᠷᠡᠭ᠌ ᠶᠢᠡᠷ ᠦᠭᠡᠷᠡᠴᠢᠯᠡᠯᠳ᠋ᠡ ᠶᠢ ᠠᠬᠢᠭᠤᠯᠬᠤ ᠲᠤᠰᠬᠠᠢ ᠠᠵᠢᠯᠯᠠᠭ᠎ᠠ ᠵᠡᠷᠭᠡ ᠤᠳ᠋ᠤᠬᠠᠨ ᠤ ᠴᠢᠬᠤᠯᠠ ᠠᠵᠢᠯ ᠢ ᠬᠢᠨᠠᠨ ᠵᠢᠯᠤᠭᠤᠳᠪᠠ

9 ᠰᠠᠷ᠎ᠠ ᠶᠢᠨ 17 ᠤ ᠡᠳ᠋ᠦᠷ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠦ ᠴᠢᠩ ᠬᠠᠢ ᠭᠡᠷᠴᠢᠯᠠᠭᠤ ᠰᠤᠮᠤ᠂ ᠠᠷᠤ ᠬᠦᠨᠳ᠋ᠡᠯᠡᠨ ᠰᠤᠮᠤ᠂ ᠪᠠᠶᠠᠷᠳ᠋ᠤᠬᠤᠰᠢᠭᠤ ᠪᠠᠯᠭᠠᠰᠤᠨ ᠳᠤ ᠬᠦᠷᠴᠦ᠂ ᠲᠤᠬᠠᠢ ᠶᠢᠨ ᠲᠠᠯᠠᠪᠤᠷ ᠲᠤ ᠨᠢ ᠦᠵᠡᠬᠦ᠂ ᠮᠠᠲ᠋ᠸᠷᠢᠶᠠᠯ ᠪᠠᠢ᠌ᠴᠠᠭᠠᠬᠤ ᠪᠠ ᠰᠠᠭᠤᠳ᠋ᠠᠯ ᠤᠨ ᠬᠤᠷᠠᠯ ᠬᠤᠷᠠᠯᠳ᠋ᠤᠭᠤᠯᠵᠤ ᠶᠠᠷᠢᠯᠴᠠᠬᠤ ᠵᠡᠷᠭᠡ ᠬᠡᠯᠪᠡᠷᠢ ᠪᠠᠷ ᠲᠠᠮᠵᠢᠨ᠂ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠬᠤᠭᠤᠴᠠᠭ᠎ᠠ ᠰᠤᠯᠢᠬᠤ ᠰᠤᠩᠭ᠋ᠤᠭᠤᠯᠢ ᠶᠢᠨ ᠠᠵᠢᠯ ᠪᠠ ᠬᠡᠷᠡᠭ᠌ ᠶᠢᠡᠷ ᠦᠭᠡᠷᠡᠴᠢᠯᠡᠯᠳ᠋ᠡ ᠶᠢ ᠠᠬᠢᠭᠤᠯᠬᠤ ᠲᠤᠰᠬᠠᠢ ᠠᠵᠢᠯᠯᠠᠭ᠎ᠠ ᠶᠢ ᠬᠢᠨᠠᠨ ᠪᠠᠢ᠌ᠴᠠᠭᠠᠵᠤ ᠵᠢᠯᠤᠭᠤᠳᠪᠠ᠃


ᠬᠡᠷᠡᠭ᠌ ᠶᠢᠡᠷ ᠦᠭᠡᠷᠡᠴᠢᠯᠡᠯᠳ᠋ᠡ ᠶᠢ ᠠᠬᠢᠭᠤᠯᠬᠤ ᠲᠤᠰᠬᠠᠢ ᠠᠵᠢᠯᠯᠠᠭ᠎ᠠ ᠶᠢ ᠬᠢᠨᠠᠨ ᠵᠢᠯᠤᠭᠤᠳᠬᠤ ᠦᠶᠡᠰ ᠡᠦ ᠴᠢᠩ ᠬᠠᠢ ᠡᠴᠡ᠂ ᠡᠯ᠎ᠠ ᠰᠤᠮᠤ ᠪᠠᠯᠭᠠᠰᠤ ᠤᠯᠤᠰ ᠲᠦ᠋ᠷᠦ ᠶᠢᠨ ᠵᠤᠭᠰᠤᠴᠠ ᠪᠠᠨ ᠲᠡᠭᠡᠭ᠍ᠰᠢᠯᠡᠭᠦᠯᠦᠨ᠂ ᠲᠤᠰ ᠤᠳ᠋ᠠᠭᠠᠨ ᠤ ᠲᠤᠰᠬᠠᠢ ᠠᠵᠢᠯᠯᠠᠭ᠎ᠠ ᠶᠢ ᠦᠷᠨᠢᠭᠦᠯᠬᠦ ᠶᠢᠨ ᠴᠢᠬᠤᠯᠠ ᠠᠴᠢ ᠬᠤᠯᠪᠤᠭᠳ᠋ᠠᠯ ᠢ ᠭᠦᠨᠵᠡᠭᠡᠢ ᠲᠠᠨᠢᠵᠤ᠂ ᠤᠬᠠᠮᠰᠡᠷ ᠡᠴᠡ ᠪᠠᠨ ᠦᠵᠡᠯ ᠰᠠᠨᠠᠭ᠎ᠠ ᠪᠠ ᠦᠢᠯᠡ ᠠᠵᠢᠯᠯᠠᠭ᠎ᠠ ᠪᠠᠨ ᠦᠪᠡᠷᠳ᠋ᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠬᠤᠳ᠋ᠠ ᠶᠢᠨ ᠨᠠᠮ ᠤᠨ ᠬᠤᠷᠢᠶ᠎ᠠ ᠪᠠ ᠬᠤᠰᠢᠭᠤᠨ ᠤ ᠪᠠᠢ᠌ᠷᠢᠯᠠᠭᠤᠯᠤᠯᠳ᠋ᠠ ᠱᠠᠭᠠᠷᠳ᠋ᠠᠯᠭ᠎ᠠ ᠲᠡᠶ ᠨᠢᠭᠡᠳᠭᠡᠨ᠂ ᠬᠡᠷᠡᠭ᠌ ᠶᠢᠡᠷ ᠦᠭᠡᠷᠡᠴᠢᠯᠡᠯᠳ᠋ᠡ ᠶᠢ ᠠᠬᠢᠭᠤᠯᠬᠤ ᠲᠤᠰᠬᠠᠢ ᠠᠵᠢᠯᠯᠠᠭ᠎ᠠ ᠶᠢ ᠯᠠᠪᠳ᠋ᠠᠭᠤᠨ ᠪᠠᠳ᠋ᠤᠳ᠋ᠠᠢ ᠨᠠᠷᠢᠨ ᠬᠢᠨᠠᠮᠠᠭᠠᠢ ᠦᠷᠨᠢᠭᠦᠯᠵᠦ᠂ 《ᠲᠦ᠋ᠰᠦᠯ》《ᠠᠵᠢᠯ ᠤᠨ ᠨᠠᠷᠢᠨ ᠲᠠᠩᠰᠠ》 ᠪᠤᠯᠤᠨ ᠬᠡᠷᠡᠭ᠌ ᠤᠨ ᠵᠢᠱᠢᠶ᠎ᠠ ᠶᠢᠨ ᠵᠠᠳ᠋ᠠᠯᠤᠯᠳ᠋ᠠ ᠶᠢ ᠡᠷᠬᠡᠪᠰᠢ ᠤᠯᠠᠮ ᠨᠢᠭᠡ ᠠᠯᠬᠤᠮ ᠲᠡᠭᠦᠯᠳ᠋ᠡᠷᠵᠢᠭᠦᠯᠦᠨ᠂ ᠲᠦ᠋ᠰᠦᠯ ᠢ ᠪᠦᠬᠦ ᠲᠠᠯ᠎ᠠ ᠪᠠᠷ ᠲᠤᠭᠳ᠋ᠠᠭᠠᠵᠤ ᠠᠰᠠᠭᠤᠳ᠋ᠠᠯ ᠢ ᠤᠨᠤᠪᠴᠢᠳ᠋ᠠᠢ ᠲᠠᠨᠢᠨ᠂ ᠬᠡᠷᠡᠭ᠌ ᠤᠨ ᠵᠢᠱᠢᠶ᠎ᠠ ᠶᠢ ᠭᠦᠨᠵᠡᠭᠡᠢ ᠵᠠᠳ᠋ᠠᠯᠵᠤ᠂ ᠦᠵᠡᠯ ᠤᠬᠠᠮᠰᠡᠷ ᠤᠨ ᠬᠡᠯᠪᠡᠷᠢ ᠶᠢᠨ ᠬᠠᠮᠢᠶᠠᠷᠤᠯᠳ᠋ᠠ ᠡᠵᠡᠮᠳ᠋ᠡᠯ ᠢ ᠴᠢᠩᠭ᠋ᠠᠳᠬᠠᠨ᠂ ᠤᠯᠤᠰ ᠤᠨ ᠲᠦ᠋ᠷᠦ ᠶᠢᠨ ᠪᠤᠳ᠋ᠤᠯᠭ᠎ᠠ ᠴᠢᠭᠯᠡᠯᠳ᠋ᠡ ᠶᠢᠨ ᠤᠬᠠᠭᠤᠯᠬᠤ ᠡᠷᠴᠢᠮ ᠶᠢᠡᠨ ᠤᠯᠠᠮ ᠨᠢᠭᠡ ᠠᠯᠬᠤᠮ ᠴᠢᠩᠭ᠋ᠠᠷᠠᠭᠤᠯᠵᠤ᠂ ᠤᠯᠤᠰ ᠤᠨ ᠲᠦ᠋ᠷᠦ ᠶᠢᠨ ᠪᠤᠳ᠋ᠤᠯᠭ᠎ᠠ ᠶᠢ ᠡᠰᠡᠷᠭᠦᠴᠡᠬᠦ᠂ ᠦᠨᠳ᠋ᠦᠰᠦᠳ᠋ᠡᠨ ᠤ ᠪᠦᠯᠬᠦᠮᠳ᠋ᠡᠯ ᠢ ᠬᠠᠭᠠᠴᠠᠭᠤᠯᠬᠤ ᠠᠵᠢᠯᠯᠠᠭ᠎ᠠ ᠢᠯᠡᠷᠡᠭᠦ ᠶᠢ ᠡᠷᠡᠰ ᠬᠤᠷᠢᠭᠯᠠᠨ᠂ ᠬᠡᠷᠡᠭ᠌ ᠶᠢᠡᠷ ᠦᠭᠡᠷᠡᠴᠢᠯᠡᠯᠳ᠋ᠡ ᠶᠢ ᠠᠬᠢᠭᠤᠯᠬᠤ ᠲᠤᠰᠬᠠᠢ ᠠᠵᠢᠯᠯᠠᠭ᠎ᠠ ᠪᠠᠷ ᠠᠵᠠ ᠲᠤᠬᠢᠶᠠᠯ ᠪᠤᠯᠭᠠᠨ᠂ ᠬᠤᠭᠤᠴᠠᠭ᠎ᠠ ᠪᠦᠷᠢ ᠶᠢᠨ ᠴᠢᠬᠤᠯᠠ ᠶᠡᠬᠡ ᠲᠦ᠋ᠷᠦᠯ ᠵᠦ᠋ᠢᠯ᠂ ᠭᠤᠤᠯᠳ᠋ᠠᠯᠭ᠎ᠠ ᠲᠡᠶ ᠢᠨᠵᠢᠨᠧᠷᠢᠩ ᠤᠨ ᠪᠦᠳ᠋ᠦᠭᠡᠨ ᠪᠠᠢ᠌ᠭᠤᠯᠤᠯᠳ᠋ᠠ ᠵᠡᠷᠭᠡ ᠲᠠᠯ᠎ᠠ ᠳᠤ《ᠡᠷᠭᠢᠨ ᠬᠠᠷᠠᠵᠤ》᠂ ᠤᠷᠤᠰᠢᠵᠤ ᠪᠠᠢ᠌ᠬᠤ ᠠᠰᠠᠭᠤᠳ᠋ᠠᠯ ᠤᠨ ᠬᠦᠷᠦᠯᠴᠡᠬᠦ ᠦᠭᠡᠶ ᠲᠠᠯ᠎ᠠ ᠪᠠᠨ ᠪᠠᠢ᠌ᠴᠠᠭᠠᠨ ᠨᠦ᠋ᠬᠦᠪᠦᠷᠢᠯᠡᠵᠦ᠂ ᠪᠠᠢ᠌ᠩᠭ᠋ᠤᠵᠢᠭᠤᠯᠤᠨ ᠬᠢᠨᠠᠯᠳ᠋ᠠ ᠲᠠᠯᠪᠢᠨ᠂ ᠡᠷᠳ᠋ᠡ ᠪᠦᠭᠡᠳ ᠪᠠᠭ᠎ᠠ ᠡᠴᠡ ᠨᠢ ᠠᠳᠬᠤᠬᠤ ᠶᠢ ᠪᠡᠶᠡᠯᠡᠭᠦᠯᠵᠦ᠂ ᠰᠢᠭᠦᠮᠵᠢᠯᠡᠭᠦᠯᠦᠨ ᠬᠦᠮᠦᠵᠢᠭᠦᠯᠬᠦ᠂ ᠶᠠᠷᠢᠯᠴᠠᠵᠤ ᠰᠠᠨᠠᠭᠤᠯᠬᠤ᠂ ᠰᠡᠷᠡᠮᠵᠢᠯᠡᠭᠦᠯᠦᠨ ᠢᠳᠬᠠᠬᠤ᠂ ᠵᠠᠷᠯᠢᠭᠳ᠋ᠠᠨ ᠪᠠᠢ᠌ᠴᠠᠭᠠᠬᠤ ᠵᠡᠷᠭᠡ ᠠᠷᠭ᠎ᠠ ᠬᠡᠯᠪᠡᠷᠢ ᠶᠢ ᠠᠮᠢᠳ᠋ᠤᠯᠢᠭ ᠶᠢᠡᠷ ᠬᠡᠷᠡᠭᠯᠡᠵᠦ᠂ ᠪᠠᠯᠭᠠᠰᠤ ᠲᠤᠰᠬᠤᠨ ᠬᠤᠶᠠᠷ ᠱᠠᠳ᠋ᠤᠨ ᠤ ᠺᠠᠳ᠋ᠷ ᠢ ᠴᠠᠭ ᠢᠮᠠᠭᠳ᠋ᠠ ᠲᠡᠭᠡᠳ᠋ᠦ ᠬᠡᠮᠵᠢᠶᠡᠨ ᠤ ᠰᠤᠨᠤᠷ ᠰᠡᠷᠡᠮᠵᠢ ᠲᠡᠶ ᠪᠠᠢ᠌ᠯᠭᠠᠨ᠂ ᠨᠠᠮ ᠤᠨ ᠭᠡᠰᠢᠭᠦᠨ ᠺᠠᠳ᠋ᠷᠴᠤᠳ ᠤᠨ ᠠᠯᠳ᠋ᠠᠭ᠎ᠠ ᠪᠠᠭ᠎ᠠ ᠭᠠᠷᠭᠠᠬᠤ᠂ ᠠᠯᠳ᠋ᠠᠭ᠎ᠠ ᠭᠠᠷᠭᠠᠬᠤ ᠦᠭᠡᠶ ᠪᠠᠢ᠌ᠬᠤ ᠶᠢ ᠪᠠᠳ᠋ᠤᠯᠠᠵᠤ᠂ ᠬᠡᠷᠡᠭ᠌ ᠶᠢᠡᠷ ᠦᠭᠡᠷᠡᠴᠢᠯᠡᠯᠳ᠋ᠡ ᠶᠢ ᠠᠬᠢᠭᠤᠯᠬᠤ ᠲᠤᠰᠬᠠᠢ ᠠᠵᠢᠯᠯᠠᠭ᠎ᠠ ᠶᠢᠨ ᠪᠤᠳ᠋ᠠᠳ᠋ᠤ ᠦᠷ᠎ᠠ ᠪᠦᠳ᠋ᠦᠮᠵᠢ ᠤᠯᠬᠤ ᠶᠢ ᠪᠠᠳ᠋ᠤᠯᠠᠬᠤ ᠬᠡᠷᠡᠭ᠍ᠳ᠋ᠠᠢ ᠭᠡᠵᠦ ᠴᠢᠩᠭ᠋ᠠᠳᠬᠠᠪᠠ᠃

ᠡᠦ ᠴᠢᠩ ᠬᠠᠢ ᠪᠠᠰᠠ ᠬᠦᠳ᠋ᠡᠭᠡ ᠲᠤᠰᠬᠤᠨ ᠢ ᠬᠦᠭ᠍ᠵᠢᠭᠦᠯᠦᠨ ᠮᠠᠨᠳ᠋ᠤᠭᠤᠯᠬᠤ᠂ ᠰᠢᠨ᠎ᠠ ᠲᠢᠳ᠋ᠢᠮᠯᠢᠭ᠌ ᠠᠭᠤᠰᠭᠢᠨ ᠦᠷᠪᠢᠰᠦᠯ ᠤᠨ ᠲᠠᠷᠢᠯᠭ᠎ᠠ ᠬᠢᠬᠦ᠂ ᠨᠤᠳ᠋ᠤᠭ ᠪᠡᠯᠴᠢᠭᠡᠷ ᠤᠨ ᠲᠦ᠋ᠢᠮᠡᠷ ᠢ ᠰᠡᠷᠭᠡᠢ᠌ᠯᠡᠬᠦ᠂ ᠡᠪᠦᠯ ᠤᠨ ᠤᠯᠠᠷᠢᠯ ᠤᠨ ᠭᠠᠮᠰᠢᠭ ᠢ ᠰᠡᠷᠭᠡᠢ᠌ᠯᠡᠬᠦ ᠵᠡᠷᠭᠡ ᠠᠵᠢᠯ ᠳᠤ ᠪᠤᠳᠠᠳᠠᠢ ᠱᠠᠭᠠᠷᠳ᠋ᠠᠯᠭ᠎ᠠ ᠲᠤᠷᠠᠳ᠋ᠤᠪᠠ᠃ (ᠯᠸᠢ ᠫᠠᠩ)