ᠦᠪᠡᠷᠳ᠋ᠡᠭᠡᠨ ᠵᠠᠰᠠᠬᠤ ᠤᠷᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠵᠠᠷᠤᠳ ᠬᠤᠰᠢᠭᠤᠨ ᠳᠤ ᠢᠷᠡᠵᠦ ᠲᠤᠰᠬᠠᠢ ᠰᠡᠳ᠋ᠦᠪᠳ᠋ᠦ ᠪᠠᠢ᠌ᠴᠠᠭᠠᠨ ᠰᠤᠳ᠋ᠤᠯᠤᠯᠳ᠋ᠠ ᠦᠷᠨᠢᠭᠦᠯᠪᠡ

10 ᠰᠠᠷ᠎ᠠ ᠶᠢᠨ 14 ᠤ ᠡᠳ᠋ᠦᠷ ᠡᠴᠡ 15 ᠤ ᠡᠳ᠋ᠦᠷ ᠪᠤᠯᠳ᠋ᠠᠯ᠎ᠠ᠂ ᠦᠪᠡᠷᠳ᠋ᠡᠭᠡᠨ ᠵᠠᠰᠠᠬᠤ ᠤᠷᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠶᠢᠨ ᠭᠡᠰᠢᠭᠦᠨ᠂ ᠡᠳ᠋ ᠤᠨ ᠵᠠᠰᠠᠭ ᠤᠨ ᠵᠦ᠋ᠪᠯᠡᠯ ᠤᠨ ᠲᠡᠳ᠋ ᠡᠷᠬᠢᠯᠡᠭ᠍ᠴᠢ ᠭᠡᠰᠢᠭᠦᠨ᠂ ᠡᠳ᠋ ᠤᠨ ᠵᠠᠰᠠᠭ ᠤᠨ ᠠᠵᠢᠯ ᠤᠨ ᠵᠦ᠋ᠪᠯᠡᠯ ᠤᠨ ᠡᠷᠬᠢᠯᠡᠭ᠍ᠴᠢ ᠱᠢ ᠵᠢᠢ᠌ ᠠᠨ ᠶᠢᠡᠷ ᠲᠤᠭᠤᠢ᠌ᠯᠠᠩ ᠤᠨ ᠲᠠᠷᠤᠭ᠎ᠠ ᠪᠤᠯᠭᠠᠭᠰᠠᠨ ᠦᠪᠡᠷᠳ᠋ᠡᠭᠡᠨ ᠵᠠᠰᠠᠬᠤ ᠤᠷᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠴᠠᠭᠠᠨ ᠰᠤᠳ᠋ᠤᠯᠬᠤ ᠲᠤᠭᠤᠢ᠌ᠯᠠᠩ ᠵᠠᠷᠤᠳ ᠬᠤᠰᠢᠭᠤᠨ ᠳᠤ ᠢᠷᠡᠵᠦ 2020 ᠤᠨ ᠡᠴᠡ ᠨᠠᠭᠠᠰᠢᠬᠢ ᠰᠢᠨ᠎ᠠ ᠪᠠᠷ ᠨᠡᠮᠡᠭ᠍ᠳ᠋ᠡᠭ᠍ᠰᠡᠨ ᠲᠤᠰᠬᠠᠢ ᠵᠢᠭᠡᠯᠡᠯᠭᠡ ᠶᠢᠨ ᠲᠡᠮᠳ᠋ᠡᠭ᠍ᠳ᠋ᠦ ᠶᠢᠨ ᠪᠡᠯᠡ ᠮᠦ᠋ᠩᠭᠦ ᠶᠢ ᠲᠠᠷᠬᠠᠭᠠᠵᠤ ᠬᠡᠷᠡᠭᠯᠡᠭ᠍ᠰᠡᠨ ᠪᠠᠢ᠌ᠳ᠋ᠠᠯ ᠪᠠ ᠤᠯᠤᠰ ᠤᠨ ᠦᠮᠴᠢᠯᠡᠯ ᠤᠨ ᠪᠠᠢ᠌ᠭᠠᠯᠢ ᠶᠢᠨ ᠡᠬᠢ ᠪᠠᠶᠠᠯᠢᠭ ᠤᠨ ᠡᠳ᠋ ᠬᠦᠷᠦᠩᠭᠡ ᠶᠢᠨ ᠬᠠᠮᠢᠶᠠᠷᠤᠯᠳ᠋ᠠ ᠶᠢᠨ ᠪᠠᠢ᠌ᠳ᠋ᠠᠯ ᠳᠤ ᠲᠤᠰᠬᠠᠢ ᠰᠡᠳ᠋ᠦᠪᠳ᠋ᠦ ᠪᠠᠢ᠌ᠴᠠᠭᠠᠨ ᠰᠤᠳ᠋ᠤᠯᠤᠯᠳ᠋ᠠ ᠬᠢᠪᠡ᠃

ᠬᠤᠳ᠋ᠠ ᠶᠢᠨ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠵᠠᠩ ᠬᠤᠸᠠ᠂ ᠬᠤᠰᠢᠭᠤᠨ ᠤ ᠨᠠᠮ ᠤᠨ ᠬᠤᠷᠢᠶᠠᠨ ᠤ ᠲᠡᠳ᠋ ᠱᠦ᠋ᠵᠢ᠂ ᠤᠷᠤᠯᠠᠭᠴᠢ ᠬᠤᠰᠢᠭᠤᠨ ᠲᠠᠷᠤᠭ᠎ᠠ ᠪᠤᠤ ᠸᠸᠨ ᠯᠠᠨ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠦ ᠴᠢᠩ ᠬᠠᠢ᠂ ᠬᠤᠰᠢᠭᠤᠨ ᠤ ᠨᠠᠮ ᠤᠨ ᠬᠤᠷᠢᠶᠠᠨ ᠤ ᠪᠠᠢ᠌ᠩᠭ᠋ᠤ ᠶᠢᠨ ᠬᠡᠰᠢᠭᠦᠨ᠂ ᠲᠡᠳ᠋ ᠬᠤᠰᠢᠭᠤᠨ ᠲᠠᠷᠤᠭ᠎ᠠ ᠯᠢᠦ ᠶᠤᠤ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠶᠢᠨ ᠵᠢᠱᠢᠭ᠍ᠳ᠋ᠡᠭ᠍ᠴᠢ ᠪᠤᠤ ᠯᠦ᠋ᠩ ᠪᠠᠷ᠎ᠠ ᠪᠤᠯᠤᠨ ᠪᠠᠢ᠌ᠴᠠᠭᠠᠨ ᠰᠤᠳ᠋ᠤᠯᠪᠠ᠃


ᠪᠠᠢ᠌ᠴᠠᠭᠠᠨ ᠰᠤᠳ᠋ᠤᠯᠬᠤ ᠲᠤᠭᠤᠢ᠌ᠯᠠᠩ ᠤᠨ ᠬᠢᠨ ᠰᠠᠭᠤᠳ᠋ᠠᠯ ᠤᠨ ᠬᠤᠷᠠᠯ ᠬᠤᠷᠠᠯᠳ᠋ᠤᠭᠤᠯᠬᠤ᠂ ᠠᠵᠢᠯ ᠤᠨ ᠬᠠᠷᠢᠭᠤ ᠮᠡᠳ᠋ᠡᠭᠦᠯᠦᠯᠳ᠋ᠡ ᠶᠢ ᠰᠤᠨᠤᠰᠬᠤ᠂ ᠲᠤᠬᠠᠢ ᠶᠢᠨ ᠭᠠᠵᠠᠷ ᠲᠤᠨᠢ ᠪᠠᠢ᠌ᠴᠠᠭᠠᠨ ᠦᠵᠡᠬᠦ ᠵᠡᠷᠭᠡ ᠬᠡᠯᠪᠡᠷᠢ ᠪᠠᠷ ᠲᠠᠮᠵᠢᠨ᠂ ᠵᠠᠷᠤᠳ ᠬᠤᠰᠢᠭᠤᠨ ᠤ 2020 ᠤᠨ ᠡᠴᠡ ᠨᠠᠭᠠᠰᠢᠬᠢ ᠰᠢᠨ᠎ᠠ ᠪᠠᠷ ᠨᠡᠮᠡᠭ᠍ᠳ᠋ᠡᠭ᠍ᠰᠡᠨ ᠲᠤᠰᠬᠠᠢ ᠵᠢᠭᠡᠯᠡᠯᠭᠡ ᠶᠢᠨ ᠲᠡᠮᠳ᠋ᠡᠭ᠍ᠳ᠋ᠦ ᠶᠢᠨ ᠪᠡᠯᠡ ᠮᠦ᠋ᠩᠭᠦ ᠶᠢ ᠲᠠᠷᠬᠠᠭᠠᠵᠤ ᠬᠡᠷᠡᠭᠯᠡᠭ᠍ᠰᠡᠨ ᠪᠠᠢ᠌ᠳ᠋ᠠᠯ᠂ ᠠᠵᠢᠯᠯᠠᠭᠠᠨ ᠤ ᠬᠠᠮᠢᠶᠠᠷᠤᠯᠳ᠋ᠠ ᠶᠢᠨ ᠪᠠᠢ᠌ᠳ᠋ᠠᠯ ᠵᠢᠴᠢ ᠤᠯᠤᠰ ᠤᠨ ᠦᠮᠴᠢᠯᠡᠯ ᠤᠨ ᠪᠠᠢ᠌ᠭᠠᠯᠢ ᠶᠢᠨ ᠡᠬᠢ ᠪᠠᠶᠠᠯᠢᠭ ᠤᠨ ᠡᠳ᠋ ᠬᠦᠷᠦᠩᠭᠡ ᠶᠢᠨ ᠬᠠᠮᠢᠶᠠᠷᠤᠯᠳ᠋ᠠ ᠶᠢᠨ ᠪᠠᠢ᠌ᠳ᠋ᠠᠯ ᠪᠠ ᠲᠠᠷᠠᠭᠠᠴᠢ ᠶᠢᠨ ᠠᠯᠬᠤᠮ ᠤᠨ ᠠᠵᠢᠯ ᠤᠨ ᠲᠤᠬᠢᠷᠠᠭᠤᠯᠤᠯᠳ᠋ᠠ ᠶᠢ ᠨᠠᠷᠢᠯᠢᠭ ᠤᠢ᠌ᠯᠠᠭᠠᠬᠤ ᠶᠢᠨ ᠬᠠᠮᠳ᠋ᠤ ᠰᠢᠨ᠎ᠠ ᠪᠠᠷ ᠨᠡᠮᠡᠭ᠍ᠳ᠋ᠡᠭ᠍ᠰᠡᠨ ᠲᠤᠰᠬᠠᠢ ᠵᠢᠭᠡᠯᠡᠯᠭᠡ ᠶᠢᠨ ᠲᠡᠮᠳ᠋ᠡᠭ᠍ᠳ᠋ᠦ ᠶᠢᠨ ᠪᠡᠯᠡ ᠮᠦ᠋ᠩᠭᠦ ᠶᠢ ᠲᠠᠷᠬᠠᠭᠠᠵᠤ ᠬᠡᠷᠡᠭᠯᠡᠬᠦ ᠠᠵᠢᠯ ᠢ ᠴᠢᠩᠭ᠋ᠠᠳᠬᠠᠨ ᠰᠠᠢ᠌ᠵᠢᠷᠠᠭᠤᠯᠬᠤ᠂ ᠤᠷᠤᠨ ᠨᠤᠳ᠋ᠤᠭ ᠤᠨ ᠦᠷᠢ ᠦᠭ᠍ᠴᠡᠭᠡᠨ ᠤ ᠲᠦ᠋ᠭ᠍ᠰᠢᠭᠦᠷᠢ ᠶᠢ ᠰᠡᠷᠭᠡᠢ᠌ᠯᠡᠨ ᠠᠷᠢᠯᠭᠠᠬᠤ ᠠᠵᠢᠯ ᠤᠨ ᠰᠡᠳᠭᠢᠮᠵᠢ ᠶᠢᠨ ᠠᠷᠭ᠎ᠠ ᠪᠤᠳ᠋ᠤᠯᠭ᠎ᠠ᠂ ᠠᠮᠢ ᠠᠬᠤᠢ ᠶᠢᠨ ᠪᠤᠯᠪᠠᠰᠤᠨ ᠤ ᠪᠦᠳ᠋ᠦᠭᠡᠨ ᠪᠠᠢ᠌ᠭᠤᠯᠤᠯᠳ᠋ᠠ ᠶᠢ ᠠᠬᠢᠭᠤᠯᠬᠤ᠂ ᠠᠮᠢ ᠠᠬᠤᠢ ᠶᠢᠨ ᠤᠷᠴᠢᠨ ᠲᠤᠭᠤᠷᠢᠨ ᠤ ᠬᠠᠮᠠᠭᠠᠯᠠᠯᠳ᠋ᠠ ᠶᠢᠨ ᠲᠦ᠋ᠷᠢᠮ ᠢ ᠪᠠᠢ᠌ᠭᠤᠯᠬᠤ᠂ ᠠᠮᠢ ᠠᠬᠤᠢ ᠶᠢᠨ ᠤᠷᠴᠢᠨ ᠲᠤᠭᠤᠷᠢᠨ ᠤ ᠴᠢᠨᠠᠷ ᠴᠢᠨᠰᠠᠭ᠎ᠠ ᠶᠢ ᠰᠠᠢ᠌ᠵᠢᠷᠠᠭᠤᠯᠬᠤ᠂ ᠪᠤᠬᠢᠷᠳ᠋ᠦᠯ ᠦᠭᠡᠶ ᠬᠦᠭ᠍ᠵᠢᠯᠳ᠋ᠡ ᠪᠠ ᠡᠬᠢ ᠪᠠᠶᠠᠯᠢᠭ ᠢ ᠡᠷᠴᠢᠮᠵᠢᠭᠦᠯᠦᠨ ᠠᠷᠪᠢᠯᠡᠨ ᠠᠰᠢᠭᠯᠠᠬᠤ ᠶᠢ ᠠᠬᠢᠭᠤᠯᠬᠤ᠂ ᠤᠯᠤᠰ ᠤᠨ ᠦᠮᠴᠢᠯᠡᠯ ᠤᠨ ᠪᠠᠢ᠌ᠭᠠᠯᠢ ᠶᠢᠨ ᠡᠬᠢ ᠪᠠᠶᠠᠯᠢᠭ ᠤᠨ ᠡᠳ᠋ ᠬᠦᠷᠦᠩᠭᠡ ᠤᠨ ᠬᠦᠷᠢᠶ᠎ᠠ ᠬᠡᠪᠴᠢᠶᠡᠨ ᠳ᠋ᠡᠬᠢ ᠬᠠᠦᠯᠢ ᠬᠡᠷᠡᠭ᠍ᠵᠢᠭᠦᠯᠦᠯᠳ᠋ᠡ ᠶᠢ ᠴᠢᠩᠭ᠋ᠠᠳᠬᠠᠬᠤ᠂ ᠬᠠᠦᠯᠢ ᠲᠤᠭᠳ᠋ᠠᠭᠠᠯ ᠡᠴᠡ ᠵᠦ᠋ᠷᠢᠴᠡᠭ᠍ᠰᠡᠨ ᠬᠡᠷᠡᠭ᠌ ᠢ ᠪᠠᠢ᠌ᠴᠠᠭᠠᠨ ᠰᠢ᠌ᠳᠪᠦᠷᠢᠯᠡᠬᠦ ᠵᠢᠴᠢ ᠠᠵᠢᠯ ᠤᠨ ᠲᠤᠮᠳ᠋ᠠ ᠤᠷᠤᠰᠢᠵᠤ ᠪᠠᠢ᠌ᠬᠤ ᠲᠤᠪᠤᠢ᠌ᠮ᠎ᠠ ᠠᠰᠠᠭᠤᠳ᠋ᠠᠯ ᠢ ᠶᠠᠷᠢᠯᠴᠡᠨ ᠰᠤᠳ᠋ᠤᠯᠪᠠ᠃ (ᠯᠸᠢ ᠫᠠᠩ)