ᠤᠳᠤ ᠶᠢᠨ ᠪᠠᠢ᠌ᠷᠢ᠄ ᠨᠠᠮ ᠤᠨ ᠪᠦᠳᠤᠭᠡᠨ ᠪᠠᠢ᠌ᠭᠤᠯᠤᠯᠳᠠ ᠶᠢᠨ ᠠᠵᠢᠯ → ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ᠁
ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠬᠦᠷ ᠲᠦ᠋ᠪ ᠤᠨ ᠦᠨᠳ᠋ᠤᠰᠤᠳ᠋ᠠᠨ ᠤ ᠠᠵᠢᠯ ᠤᠨ ᠬᠤᠷᠠᠯ ᠤᠨ ᠵᠤᠷᠢᠭ ᠰᠠᠨᠠᠭ᠎ᠠ ᠶᠢ ᠰᠤᠷᠤᠯᠴᠠᠨ ᠲᠤᠮᠳ᠋ᠠᠳ᠋ᠤ ᠶᠢᠨ ᠦᠨᠳ᠋ᠤᠰᠤᠳ᠋ᠠᠨ ᠤ ᠬᠠᠮᠳ᠋ᠤ ᠴᠤᠭᠴᠨ ᠶᠢᠨ ᠤᠬᠠᠮᠰᠠᠷ ᠢ ᠪᠠᠳ᠋ᠤ ᠴᠤᠭᠴᠠᠯᠠᠬᠤ ᠭᠤᠤᠯ ᠰᠡᠳ᠋ᠤᠪᠳ᠋ᠤ ᠨᠠᠮ ᠤᠨ ᠡᠳ᠋ᠤᠷ ᠤᠨ ᠠᠵᠢᠯᠯᠠᠭ᠎ᠠ ᠦᠷᠨᠢᠬᠦᠯᠪᠡ

                   

                  11 ᠰᠠᠷ᠎ᠠ ᠶᠢᠨ5 ᠤ ᠡᠳ᠋ᠤᠷ ᠤᠨ ᠦᠳ᠋ᠠ ᠶᠢᠨ ᠬᠤᠢ᠌ᠨ᠎ᠠ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠬᠦᠷ ᠪᠦᠬᠦ ᠨᠠᠮ ᠤᠨ ᠭᠡᠰᠢᠬᠦᠨ ᠺᠠᠳ᠋ᠷᠴᠤᠤᠨ ᠢ ᠵᠤᠬᠢᠶᠠᠨ ᠪᠠᠢ᠌ᠭᠤᠯᠵᠤ᠂ ᠲᠦ᠋ᠪ ᠤᠨ ᠦᠨᠳ᠋ᠤᠰᠤᠳ᠋ᠠᠨ ᠤ ᠠᠵᠢᠯ ᠤᠨ ᠬᠤᠷᠠᠯ ᠤᠨ ᠵᠤᠷᠢᠭ ᠰᠠᠨᠠᠭ᠎ᠠ ᠶᠢ ᠰᠤᠷᠤᠯᠴᠠᠨ 〈ᠲᠤᠮᠳ᠋ᠠᠳ᠋ᠤ ᠶᠢᠨ ᠦᠨᠳ᠋ᠤᠰᠤᠳ᠋ᠠᠨ ᠤ ᠬᠠᠮᠳ᠋ᠤ ᠴᠤᠭᠴᠨ ᠶᠢᠨ ᠤᠬᠠᠮᠰᠠᠷ ᠢ ᠪᠠᠳ᠋ᠤ ᠴᠤᠭᠴᠠᠯᠠᠬᠤ〉 ᠭᠤᠤᠯ ᠰᠡᠳ᠋ᠤᠪᠳ᠋ᠤ ᠨᠠᠮ ᠤᠨ ᠡᠳ᠋ᠤᠷ ᠤᠨ ᠠᠵᠢᠯᠯᠠᠭ᠎ᠠ ᠦᠷᠨᠢᠬᠦᠯᠦᠭ᠍ᠰᠨᠨ ᠪᠠ ᠬᠤᠰᠢᠭᠤᠨ ᠤ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ ᠶᠢᠨ ᠬᠠᠢ ᠹᠠᠩ ᠪᠠᠭᠰᠢ ᠶᠢᠨ 〈ᠲᠤᠮᠳ᠋ᠠᠳ᠋ᠤ ᠶᠢᠨ ᠦᠨᠳ᠋ᠤᠰᠤᠳ᠋ᠠᠨ ᠤ ᠬᠠᠮᠳ᠋ᠤ ᠴᠤᠭᠴᠨ ᠶᠢᠨ ᠤᠬᠠᠮᠰᠠᠷ ᠢ ᠪᠠᠳ᠋ᠤ ᠴᠤᠭᠴᠠᠯᠠᠬᠤ ᠪᠠᠷ ᠭᠤᠤᠯ ᠱᠤᠭᠤᠮ ᠪᠤᠯᠭᠠᠵᠤ᠂ ᠰᠢᠨ᠎ᠠ ᠴᠠᠭ ᠦᠶ᠎ᠠ ᠶᠢᠨ ᠨᠠᠮ ᠤᠨ ᠦᠨᠳ᠋ᠤᠰᠤᠳ᠋ᠠᠨ ᠤ ᠠᠵᠢᠯ ᠤᠨ ᠦᠨᠳ᠋ᠤᠷ ᠴᠢᠨᠰᠠᠭᠠᠳ᠋ᠤ ᠬᠦᠭ᠍ᠵᠢᠯᠳ᠋ᠠ ᠶᠢ ᠠᠬᠢᠭᠤᠯᠬᠤ〉 ᠤᠨᠤᠯ ᠤᠨ ᠤᠬᠠᠭᠤᠯᠤᠨ ᠲᠠᠢ᠌ᠯᠪᠤᠷᠢᠯᠠᠬᠤ ᠲᠦ᠋ᠷᠰᠤ ᠰᠢᠩᠭᠡᠭᠡᠯᠳ᠋ᠠ ᠶᠢ ᠦᠵᠡᠪᠡ᠃

                  

              ᠬᠤᠷᠠᠯ ᠡᠴᠨ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠪᠦᠬᠦ ᠨᠠᠮ ᠤᠨ ᠭᠡᠰᠢᠬᠦᠨ ᠺᠠᠳ᠋ᠷᠴᠤᠤᠨ ᠲᠦ᠋ᠪ ᠤᠨ ᠦᠨᠳ᠋ᠤᠰᠤᠳ᠋ᠠᠨ ᠤ ᠠᠵᠢᠯ ᠤᠨ ᠬᠤᠷᠠᠯ ᠤᠨ ᠵᠤᠷᠢᠭ ᠰᠠᠨᠠᠭ᠎ᠠ ᠶᠢ ᠬᠦᠨᠵᠡᠭᠡᠢ ᠰᠤᠷᠤᠯᠴᠠᠨ ᠤᠢ᠌ᠯᠠᠭᠠᠬᠤ ᠶᠢ ᠤᠳ᠋ᠤᠬᠠᠨ ᠤ ᠠᠵᠢᠯ ᠪᠠ ᠬᠤᠢ᠌ᠰᠢᠳ᠋ᠠ ᠶᠢᠨ ᠠᠵᠢᠯ ᠤᠨ ᠨᠢᠭᠡ ᠬᠤᠭᠤᠴᠠᠭᠠᠨ ᠤ ᠴᠢᠬᠤᠯᠨ ᠤᠯᠤᠰ ᠲᠦ᠋ᠷᠤ ᠶᠢᠨ ᠡᠬᠦᠷᠭᠡ ᠪᠤᠯᠭᠠᠵᠤ᠂ ᠰᠢ ᠵᠢᠨ ᠫᠢᠩ ᠶᠡᠷᠤᠩᠭᠡᠢ ᠱᠦ᠋ᠵᠢ ᠶᠢᠨ ᠴᠢᠬᠤᠯᠨ ᠶᠠᠷᠢᠶᠠᠨ ᠤ ᠵᠤᠷᠢᠭ ᠰᠠᠨᠠᠭ᠎ᠠ ᠶᠢ ᠰᠤᠷᠤᠯᠴᠠᠬᠤ ᠶᠢ ᠨᠠᠮ ᠤᠨ ᠲᠠᠤᠭᠡ ᠶᠢᠨ ᠰᠤᠷᠤᠯᠴᠠᠯᠭ᠎ᠠ ᠬᠦᠮᠤᠵᠢᠯ ᠦᠷᠨᠢᠬᠦᠯᠬᠦ  ᠲᠡᠶ ᠤᠷᠭᠠᠨᠢᠭ ᠶᠢᠡᠷ ᠤᠶᠠᠯᠳ᠋ᠤᠭᠤᠯᠤᠨ᠂〈ᠠᠷᠪᠠᠨ ᠬᠤᠶᠠᠷ ᠡᠷᠭᠡᠪᠰᠢ〉 ᠶᠢᠨ ᠠᠭᠤᠯᠤᠭᠳ᠋ᠠᠬᠤᠨ ᠤ ᠤᠬᠢ ᠰᠤᠳ᠋ᠤ ᠶᠢ ᠬᠦᠨᠵᠡᠭᠡᠢ ᠡᠵᠡᠮᠰᠢᠵᠤ᠂ 〈ᠲᠦ᠋ᠷᠪᠡᠨ ᠤᠬᠠᠮᠰᠠᠷ〉 ᠢ ᠲᠠᠰᠤᠷᠠᠯᠳ᠋ᠠ ᠦᠭᠡᠶ ᠴᠢᠩᠭ᠋ᠠᠳᠬᠠᠨ᠂〈ᠲᠦ᠋ᠷᠪᠡᠨ ᠢᠳ᠋ᠡᠭᠡᠯ〉 ᠢ ᠪᠠᠳ᠋ᠤᠳᠬᠠᠵᠤ᠂ 〈ᠬᠤᠶᠠᠷ ᠢ ᠬᠦᠷᠢᠶᠠᠯᠡᠬᠦ〉 ᠶᠢ ᠪᠠᠶᠡᠯᠡᠬᠦᠯᠬᠦ ᠭᠡᠷᠡᠭ᠍ᠳ᠋ᠡᠢ᠃ ᠲᠤᠮᠳ᠋ᠠᠳ᠋ᠤ ᠶᠢᠨ ᠦᠨᠳ᠋ᠤᠰᠤᠳ᠋ᠠᠨ ᠤ ᠬᠠᠮᠳ᠋ᠤ ᠴᠤᠭᠴᠨ ᠶᠢᠨ ᠤᠬᠠᠮᠰᠠᠷ ᠢ ᠪᠠᠳ᠋ᠤ ᠴᠤᠭᠴᠠᠯᠠᠬᠤ ᠡᠨᠡᠬᠦ ᠭᠤᠤᠯ ᠱᠤᠭᠤᠮ ᠢ ᠬᠦᠨᠵᠡᠭᠡᠢ ᠤᠢ᠌ᠯᠠᠭᠠᠵᠤ᠂ ᠰᠢ ᠵᠢᠨ ᠫᠢᠩ ᠶᠡᠷᠤᠩᠭᠡᠢ ᠱᠦ᠋ᠵᠢ ᠶᠢᠨ ᠴᠢᠬᠤᠯᠨ ᠶᠠᠷᠢᠶᠠᠨ ᠤ ᠵᠤᠷᠢᠭ ᠰᠠᠨᠠᠭ᠎ᠠ ᠪᠠ ᠲᠦ᠋ᠪ ᠤᠨ ᠦᠨᠳ᠋ᠤᠰᠤᠳ᠋ᠠᠨ ᠤ ᠠᠵᠢᠯ ᠤᠨ ᠬᠤᠷᠠᠯ ᠤᠨ ᠡᠯ᠎ᠠ ᠲᠦ᠋ᠷᠤᠯ ᠤᠨ ᠪᠠᠢ᠌ᠷᠢᠯᠠᠭᠤᠯᠤᠯᠳ᠋ᠠ ᠱᠠᠭᠠᠷᠳ᠋ᠠᠯᠭ᠎ᠠ ᠶᠢ ᠦᠨᠡᠨᠬᠦ ᠪᠤᠳ᠋ᠠᠳ᠋ᠠᠢ ᠳ᠋ᠥ ᠨᠠᠢ᠌ᠳ᠋ᠠᠪᠤᠷᠢᠵᠢᠭᠤᠯᠬᠤ ᠶᠢ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠦᠨᠳ᠋ᠤᠰᠤᠳ᠋ᠠᠨ ᠤ ᠠᠵᠢᠯ ᠢ ᠰᠠᠢ᠌ᠳ᠋ᠤᠷ ᠬᠢᠬᠦ ᠪᠤᠳ᠋ᠠᠳ᠋ᠠᠢ ᠠᠵᠢᠯᠯᠠᠭ᠎ᠠ ᠪᠤᠯᠭᠠᠨ ᠬᠤᠪᠢᠷᠠᠭᠠᠬᠤ ᠭᠡᠷᠡᠭ᠍ᠳ᠋ᠡᠢ ᠭᠡᠵᠤ ᠴᠢᠬᠤᠯᠠᠴᠢᠯᠠᠪᠠ᠃     (ᠳ᠋ᠠᠢ ᠰᠢᠶ‍ᠦ᠋ᠩ)

ᠡᠮᠦᠨᠡᠬᠢ᠄ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠬᠦᠷ ᠤᠨ ᠱᠦ᠋ᠵᠢ ᠭᠡᠷᠡᠭ᠌ ᠶᠢᠡᠷ ᠦᠭᠡᠷᠡᠴᠢᠯᠡᠯᠳ᠋ᠠ ᠶᠢ ᠠᠬᠢᠭᠤᠯᠵᠤ ᠤᠯᠤᠰ ᠲᠦ᠋ᠷᠤ ᠶᠢᠨ ᠠᠮᠢ ᠠᠬᠤᠢ ᠶᠢ ᠪᠦᠬᠦ ᠲᠠᠯ᠎ᠠ ᠪᠠᠷ ᠴᠡᠪᠡᠷᠰᠢᠬᠦᠯᠬᠦ ᠲᠤᠰᠬᠠᠢ ᠰᠡᠳ᠋ᠤᠪᠳ᠋ᠤ ᠨᠠᠮ ᠤᠨ ᠬᠢᠴᠢᠶᠠᠯᠯᠡᠭᠡ ᠬᠢᠪᠡ
ᠳᠠᠷᠠᠭᠠᠬᠢ᠄ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠨᠠᠮ ᠤᠨ ᠲᠦ᠋ᠪ ᠬᠤᠷᠢᠶᠠᠨ ᠤ ᠬᠢᠭ᠍ᠰᠡᠨ ᠨᠠᠮ ᠤᠨ ᠠᠷᠪᠠ ᠶᠢᠰᠤᠳ᠋ᠤᠭᠡᠷ ᠬᠤᠭᠤᠴᠠᠭᠠᠨ ᠤ ᠵᠢᠷᠭᠤᠳ᠋ᠤᠭᠠᠷ ᠪᠦᠬᠦᠳ᠋ᠠ ᠬᠤᠷᠠᠯ ᠤᠨ ᠰᠤᠨᠢᠨ ᠮᠡᠳ᠋ᠡᠭᠡ ᠨᠡᠢ᠌ᠳ᠋ᠡᠯᠡᠬᠦ ᠬᠤᠷᠠᠯ ᠤᠨ ᠲᠠᠨᠢᠯᠴᠠᠭᠤᠯᠭ᠎ᠠ ᠶᠢ ᠲᠦ᠋ᠪᠯᠡᠷᠡᠨ ᠦᠵᠡᠪᠡ