
11 ᠰᠠᠷ᠎ᠠ ᠶᠢᠨ18 ᠤ ᠡᠳ᠋ᠤᠷ ᠤᠨ ᠦᠳ᠋ᠡ ᠶᠢᠨ ᠡᠮᠤᠨ᠎ᠠ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠤ ᠴᠢᠩ ᠬᠠᠢ ᠵᠠᠷᠤᠤᠨ ᠬᠤᠰᠢᠭᠤᠨ ᠤ ᠪᠠᠷ ᠵᠢᠷᠤᠭ ᠤᠨ ᠬᠦᠷᠢᠶᠡᠯᠡᠩ ᠳ᠋ᠥ ᠬᠦᠷᠴᠤ ᠪᠠᠢ᠌ᠴᠠᠭᠠᠨ ᠰᠤᠳ᠋ᠤᠯᠤᠯᠳ᠋ᠠ ᠬᠢᠪᠡ᠃ ᠪᠠᠷ ᠵᠢᠷᠤᠭ ᠤᠨ ᠦᠵᠡᠬᠦᠯᠭᠡ ᠶᠢᠨ ᠲᠢᠩᠬᠢᠮ ᠪᠠ ᠪᠠᠷ ᠵᠢᠷᠤᠭ ᠤᠨ ᠲᠠᠰᠤᠭ ᠢ ᠲᠤᠭᠤᠷᠢᠨ ᠦᠵᠡᠵᠤ᠂ ᠪᠠᠷ ᠵᠢᠷᠤᠭ ᠤᠢ᠌ᠯᠡᠳ᠋ᠦᠭ᠍ᠰᠨᠨ ᠶᠠᠪᠤᠴᠨ ᠪᠠ ᠪᠠᠷ ᠵᠢᠷᠤᠭ ᠤᠨ ᠠᠵᠤ ᠤᠢ᠌ᠯᠡᠰ ᠤᠨ ᠬᠦᠭ᠍ᠵᠢᠯᠳ᠋ᠠ ᠵᠡᠷᠭᠡ ᠪᠠᠢ᠌ᠳ᠋ᠠᠯ ᠢ ᠨᠠᠷᠢᠨ ᠤᠢ᠌ᠯᠠᠭᠠᠪᠠ᠃
ᠪᠠᠷ ᠵᠢᠷᠤᠭ ᠤᠨ ᠬᠦᠷᠢᠶᠠᠯᠠᠩ ᠤᠨ ᠬᠠᠷᠢᠭᠤᠴᠠᠯᠭᠠᠳ᠋ᠠᠨ ᠪᠠ ᠪᠠᠷ ᠵᠢᠷᠤᠭᠴᠢᠳ ᠲᠡᠶ ᠲᠤᠳ᠋ᠤᠨᠤ ᠪᠠᠷ ᠶᠠᠷᠢᠯᠴᠠᠬᠤ ᠳᠠᠭᠠᠨ᠂ ᠡᠤ ᠴᠢᠩ ᠬᠠᠢ ᠡᠴᠨ ᠵᠠᠷᠤᠤᠨ ᠬᠤᠰᠢᠭᠤ ᠪᠤᠯ 《ᠦᠨᠳ᠋ᠤᠰᠤᠳ᠋ᠠᠨ ᠤ ᠪᠠᠷ ᠵᠢᠷᠤᠭ ᠤᠨ ᠨᠣᠳ᠋ᠤᠭ》 ᠭᠡᠬᠦ ᠰᠠᠢ᠌ᠬᠠᠨ ᠠᠯᠳ᠋ᠠᠷ ᠲᠡᠶ ᠶᠤᠮ᠂ ᠵᠠᠷᠤᠤᠨ ᠬᠤᠰᠢᠭᠤᠨ ᠤ ᠪᠠᠷ ᠵᠢᠷᠤᠭ ᠪᠤᠯ ᠲᠠᠯ᠎ᠠ ᠨᠤᠳ᠋ᠤᠭ ᠤᠨ ᠤᠷᠠᠯᠢᠭ ᠤᠨ ᠨᠢᠭᠡ ᠢᠵᠢ ᠭᠠᠢ᠌ᠬᠠᠮᠰᠢᠭᠳ᠋ᠤ ᠴᠡᠴᠡᠭ᠌ ᠪᠠᠢ᠌ᠵᠤ᠂ ᠵᠠᠷᠤᠤᠨ ᠤᠨ ᠨᠤᠳ᠋ᠤᠭ ᠤᠰᠤᠨ ᠤ ᠵᠠᠩ ᠠᠭᠠᠯᠢ ᠶᠢ ᠲᠦ᠋ᠷᠰᠦᠯᠢᠭ᠌ ᠶᠢᠡᠷ ᠵᠢᠷᠤᠭᠯᠠᠵᠤ᠂ ᠵᠠᠷᠤᠤᠨ ᠬᠤᠰᠢᠭᠤᠨ ᠤ ᠪᠠᠢ᠌ᠭᠠᠯᠢ ᠶᠢᠨ ᠦᠵᠡᠮᠵᠢ᠂ ᠰᠤᠶᠤᠯ ᠢᠷᠭᠡᠨᠰᠢᠯ ᠤᠨ ᠦᠵᠡᠮᠵᠢ ᠪᠠ ᠲᠠᠤᠭᠡ ᠶᠢᠨ ᠬᠦᠭ᠍ᠵᠢᠯᠳ᠋ᠠ ᠶᠢ ᠬᠠᠷᠠᠭᠤᠯᠤᠭᠰᠨᠨ ᠪᠤᠯᠬᠤᠷ ᠵᠠᠷᠤᠤᠨ ᠬᠤᠰᠢᠭᠤᠨ ᠤ ᠲᠤᠢ᠌ᠯ ᠤᠨ ᠴᠢᠬᠤᠯᠨ ᠲᠠᠤᠭᠡ ᠰᠤᠶᠤᠯ ᠤᠨ ᠨᠡᠷ᠎ᠠ ᠶᠢᠨ ᠬᠠᠭᠤᠳ᠋ᠠᠰᠤ ᠪᠤᠯᠬᠤ ᠶᠤᠮ᠃ ᠠᠵᠢᠯ ᠲᠤᠮᠳ᠋ᠠ ᠪᠠᠨ᠂ ᠤᠬᠠᠭᠤᠯᠤᠨ ᠲᠠᠯᠭᠡᠷᠡᠬᠦᠯᠬᠦ ᠠᠵᠢᠯ ᠪᠠ ᠰᠢᠨ᠎ᠠ ᠵᠠᠭᠤᠴᠢᠯᠠᠭᠤᠷ ᠵᠢᠴᠢ ᠡᠯᠸᠺ᠌ᠲ᠋ᠷᠤᠨ ᠬᠤᠳ᠋ᠠᠯᠳ᠋ᠤᠭ᠎ᠠ᠂ ᠵᠢᠭᠤᠯᠴᠢᠯᠠᠯ ᠤᠨ ᠠᠵᠢᠯ ᠲᠦ᠋ᠷᠤᠯ ᠤᠨ ᠬᠤᠭᠤᠷᠤᠨᠳ᠋ᠤᠬᠢ ᠰᠤᠯᠢᠯᠴᠠᠭ᠎ᠠ ᠬᠠᠮᠳ᠋ᠤᠷᠠᠯᠴᠠᠭᠠ ᠶᠢ ᠴᠢᠩᠭ᠋ᠠᠳᠬᠠᠨ᠂ ᠪᠤᠯᠪᠠᠰᠤᠷᠠᠯ ᠤᠨ ᠵᠢᠭᠠᠨ ᠵᠢᠯᠤᠭᠤᠳ᠋ᠤᠯᠭ᠎ᠠ᠂ ᠲᠤᠬᠠᠢ᠌ᠯᠠᠭᠰᠠᠨ ᠠᠵᠢᠯ ᠤᠨ ᠰᠤᠯᠢᠯᠴᠠᠭ᠎ᠠ ᠪᠠ ᠦᠵᠡᠬᠦᠯᠭᠡ ᠨᠡᠭᠡᠭᠡᠨ ᠡᠷᠬᠢᠯᠡᠬᠦ ᠪᠠᠷ ᠲᠠᠮᠵᠢᠨ᠂ ᠮᠠᠨ ᠤ ᠬᠤᠰᠢᠭᠤᠨ ᠤ ᠪᠦᠬᠦᠯᠢ ᠴᠤᠭᠴᠨ ᠶᠢᠨ ᠵᠤᠬᠢᠶᠠᠨ ᠪᠦᠳ᠋ᠤᠭᠡᠬᠦ ᠬᠢᠷᠢ ᠲᠦ᠋ᠪᠰᠢᠨ ᠢ ᠦᠨᠡᠨᠬᠦ ᠲᠠᠭᠡᠭ᠍ᠰᠢᠯᠡᠬᠦᠯᠬᠦ ᠶᠢᠨ ᠬᠠᠮᠳ᠋ᠤ᠂ ᠤᠷᠠᠯᠢᠭ ᠤᠨ ᠪᠦᠳ᠋ᠤᠭᠡᠯ ᠢ ᠲᠠᠸᠠᠷ ᠪᠤᠯᠭᠠᠨ ᠬᠤᠪᠢᠷᠠᠭᠤᠯᠵᠤ᠂ ᠵᠠᠬ᠎ᠠ ᠲᠠᠯᠭᠡᠬᠦᠷᠴᠢᠯᠡᠭ᠍ᠰᠨᠨ᠂ ᠠᠵᠤ ᠤᠢ᠌ᠯᠡᠰᠵᠢᠭ᠍ᠰᠨᠨ ᠲᠠᠭᠡᠭᠡᠪᠤᠷᠢ ᠪᠠᠷ ᠵᠠᠷᠴᠢᠮ ᠪᠤᠯᠭᠠᠨ᠂ ᠵᠤᠷᠢᠯᠭ᠎ᠠ ᠲᠡᠶ᠂ ᠲᠦ᠋ᠯᠤᠪᠯᠡᠭᠡ ᠲᠡᠶ᠂ ᠴᠢᠭᠯᠡᠯ ᠲᠡᠶ ᠪᠠᠷ ᠬᠦᠳ᠋ᠤᠯᠤᠨ ᠵᠢᠯᠤᠭᠤᠳᠴᠤ᠂ ᠪᠠᠷ ᠵᠢᠷᠤᠭ ᠤᠨ ᠠᠵᠤ ᠤᠢ᠌ᠯᠡᠰ ᠤᠨ ᠬᠦᠭ᠍ᠵᠢᠯᠳ᠋ᠠ ᠶᠢ ᠰᠠᠢ᠌ᠳ᠋ᠤᠷ ᠲᠠᠳᠬᠦᠬᠦ ᠭᠡᠷᠡᠭ᠍ᠳ᠋ᠡᠢ᠃ ᠮᠠᠨ ᠤ ᠬᠤᠰᠢᠭᠤᠨ ᠤ ᠪᠠᠷ ᠵᠢᠷᠤᠭ ᠤᠨ ᠭᠤᠤᠯᠯᠠᠭᠴᠢ ᠴᠢᠳ᠋ᠠᠪᠤᠷᠢᠳ᠋ᠠᠨ ᠤ ᠤᠢ᠌ᠯᠡᠳ᠋ᠤᠯ ᠢ ᠬᠦᠢᠴᠡᠳ ᠪᠠᠳ᠋ᠠᠷᠠᠭᠤᠯᠵᠤ᠂ ᠰᠤᠶᠤᠯ ᠤᠷᠠᠯᠢᠭ ᠢ ᠤᠯᠠᠮᠵᠢᠯᠠᠨ ᠵᠠᠯᠭᠠᠮᠵᠢᠯᠠᠬᠤ ᠠᠵᠢᠯ ᠢ ᠴᠢᠩᠭ᠋ᠠᠳᠬᠠᠨ᠂ ᠰᠢᠨ᠎ᠠ ᠨᠢᠭᠡ ᠦᠶ᠎ᠠ ᠶᠢᠨ ᠪᠠᠷ ᠵᠢᠷᠤᠭ ᠤᠨ ᠤᠷᠠᠯᠢᠭ ᠤᠨ ᠵᠠᠯᠭᠠᠮᠵᠢᠯᠠᠭᠴᠢ ᠶᠢ ᠴᠢᠬᠤᠯᠠᠴᠢᠯᠠᠨ ᠬᠦᠮᠤᠵᠢᠬᠦᠯᠵᠤ᠂ ᠡᠨᠡᠬᠦ ᠬᠤᠪᠤᠷ ᠨᠠᠨᠳ᠋ᠢᠨ ᠪᠤᠳ᠋ᠠᠰ ᠤᠨ ᠪᠤᠰᠤ ᠰᠤᠶᠤᠯ ᠤᠨ ᠦᠪ ᠢ ᠰᠠᠢ᠌ᠳ᠋ᠤᠷ ᠤᠯᠠᠮᠵᠢᠯᠠᠨ ᠵᠠᠯᠭᠠᠮᠵᠢᠯᠠᠬᠤ ᠭᠡᠷᠡᠭ᠍ᠳ᠋ᠡᠢ᠃ ᠵᠠᠷᠤᠤᠨ ᠤᠨ ᠪᠠᠷ ᠵᠢᠷᠤᠭ ᠤᠨ ᠬᠦᠷᠢᠶᠠᠯᠠᠩ ᠦᠨᠳ᠋ᠤᠰᠤᠳ᠋ᠠᠨ ᠤ ᠰᠢᠯᠢᠳ᠋ᠡᠭ᠌ ᠰᠤᠶᠤᠯ ᠢ ᠤᠯᠠᠮᠵᠢᠯᠠᠨ ᠵᠠᠯᠭᠠᠮᠵᠢᠯᠠᠬᠤ ᠶᠢᠨ ᠬᠠᠮᠳ᠋ᠤ ᠪᠠᠰᠨ ᠬᠤᠪᠢᠰᠬᠠᠯ ᠤᠨ ᠰᠡᠳ᠋ᠤᠪᠳ᠋ᠤ ᠪᠦᠳ᠋ᠤᠭᠡᠯ ᠢ ᠦᠷᠬᠦᠯᠵᠢᠯᠡᠨ ᠵᠤᠬᠢᠶᠠᠨ ᠪᠦᠳ᠋ᠤᠭᠡᠵᠤ᠂ ᠭᠤᠤᠯ ᠬᠦᠭ᠌ ᠠᠶᠠᠰ ᠢ ᠴᠢᠪᠬᠠᠳ᠋ᠠᠨ᠂ ᠬᠤᠪᠢᠰᠬᠠᠯ ᠤᠨ ᠰᠤᠩᠭ᠋ᠤᠳ᠋ᠠᠭ ᠵᠤᠬᠢᠶᠠᠯ ᠢ ᠲᠠᠯᠭᠡᠨ ᠦᠵᠡᠬᠦᠯᠵᠤ᠂ ᠵᠠᠷᠤᠤᠨ ᠪᠠᠷ ᠵᠢᠷᠤᠭ ᠤᠨ ᠲᠠᠰᠤᠷᠠᠯᠳ᠋ᠠ ᠦᠭᠡᠶ ᠨᠡᠩ ᠦᠨᠳ᠋ᠤᠷ ᠲᠠᠪᠬᠤᠷᠭ᠎ᠠ ᠲᠠᠢ᠌ᠰᠢ ᠤᠷᠤᠭᠰᠢᠯᠠᠬᠤ ᠶᠢ ᠪᠠᠳ᠋ᠤᠯᠠᠬᠤ ᠭᠡᠷᠡᠭ᠍ᠳ᠋ᠡᠢ ᠭᠡᠵᠤ ᠴᠢᠬᠤᠯᠠᠴᠢᠯᠠᠪᠠ᠃ (ᠳ᠋ᠠᠢ ᠰᠢᠶᠦ᠋ᠩ)