ᠤᠳᠤ ᠶᠢᠨ ᠪᠠᠢ᠌ᠷᠢ᠄ ᠨᠠᠮ ᠤᠨ ᠪᠦᠳᠤᠭᠡᠨ ᠪᠠᠢ᠌ᠭᠤᠯᠤᠯᠳᠠ ᠶᠢᠨ ᠠᠵᠢᠯ → ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ᠁
ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠨᠠᠮ ᠤᠨ ᠠᠷᠪᠠ ᠶᠢᠰᠤᠳ᠋ᠤᠭᠡᠷ ᠬᠤᠭᠤᠴᠠᠭᠠᠨ ᠤ ᠲᠦ᠋ᠪ ᠬᠤᠷᠢᠶᠠᠨ ᠤ ᠵᠢᠷᠭᠤᠳ᠋ᠤᠭᠠᠷ ᠪᠦᠬᠦᠳ᠋ᠠ ᠬᠤᠷᠠᠯ ᠤᠨ ᠵᠤᠷᠢᠭ ᠰᠠᠨᠠᠭ᠎ᠠ ᠶᠢ ᠲᠦ᠋ᠪᠯᠡᠷᠡᠬᠦᠯᠤᠨ ᠰᠤᠷᠤᠯᠴᠠᠪᠠ

                   

                 ᠨᠠᠮ ᠤᠨ ᠠᠷᠪᠠ ᠶᠢᠰᠤᠳ᠋ᠤᠭᠡᠷ ᠬᠤᠭᠤᠴᠠᠭᠠᠨ ᠤ ᠲᠦ᠋ᠪ ᠬᠤᠷᠢᠶᠠᠨ ᠤ ᠵᠢᠷᠭᠤᠳ᠋ᠤᠭᠠᠷ ᠪᠦᠬᠦᠳ᠋ᠠ ᠬᠤᠷᠠᠯ ᠤᠨ ᠵᠤᠷᠢᠭ ᠰᠠᠨᠠᠭ᠎ᠠ ᠶᠢ ᠬᠦᠨᠵᠡᠭᠡᠢ ᠰᠤᠷᠤᠯᠴᠠᠨ ᠲᠤᠭᠤᠰᠢᠯᠠᠭᠤᠯᠬᠤ ᠶᠢᠨ ᠲᠦ᠋ᠯᠤᠭᠡ᠂11 ᠰᠠᠷ᠎ᠠ ᠶᠢᠨ18 ᠤ ᠡᠳ᠋ᠤᠷ ᠶᠢᠨ ᠦᠳ᠋ᠡ ᠶᠢᠨ ᠬᠤᠢ᠌ᠨ᠎ᠠ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠬᠦᠷ ᠪᠦᠬᠦ ᠨᠠᠮ ᠤᠨ ᠭᠡᠰᠢᠬᠦᠨ ᠺᠠᠳ᠋ᠷ ᠢ ᠵᠤᠬᠢᠶᠠᠨ ᠪᠠᠢ᠌ᠭᠤᠯᠵᠤ ᠲᠦ᠋ᠪᠯᠡᠷᠡᠬᠦᠯᠤᠨ ᠰᠤᠷᠤᠯᠴᠠᠬᠤ ᠬᠤᠷᠠᠯ ᠬᠤᠷᠠᠯᠳ᠋ᠤᠭᠤᠯᠤᠨ᠂ ᠨᠠᠮ ᠤᠨ ᠠᠷᠪᠠ ᠶᠢᠰᠤᠳ᠋ᠤᠭᠡᠷ ᠬᠤᠭᠤᠴᠠᠭᠠᠨ ᠤ ᠲᠦ᠋ᠪ ᠬᠤᠷᠢᠶᠠᠨ ᠤ ᠵᠢᠷᠭᠤᠳ᠋ᠤᠭᠠᠷ ᠪᠦᠬᠦᠳ᠋ᠠ ᠬᠤᠷᠠᠯ ᠤᠨ ᠵᠤᠷᠢᠭ ᠰᠠᠨᠠᠭ᠎ᠠ ᠪᠠ ᠶᠡᠷᠤᠩᠭᠡᠢ ᠱᠦ᠋ᠵᠢ ᠰᠢ ᠵᠢᠨ ᠫᠢᠩ ᠤᠨ ᠴᠢᠬᠤᠯᠨ ᠶᠠᠷᠢᠶᠠᠨ ᠤ ᠵᠤᠷᠢᠭ ᠰᠠᠨᠠᠭ᠎ᠠ ᠶᠢ ᠲᠤᠰᠬᠠᠢ ᠰᠡᠳ᠋ᠤᠪ ᠶᠢᠡᠷ ᠰᠤᠷᠤᠯᠴᠠᠪᠠ᠃ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠬᠦᠷ ᠤᠨ ᠱᠦ᠋ᠵᠢ ᠯᠢ ᠴᠸᠩ ᠬᠦᠸᠸ ᠬᠤᠷᠠᠯ ᠡᠷᠬᠢᠯᠡᠬᠦ ᠶᠢᠨ ᠬᠠᠮᠳ᠋ᠤ᠂ ᠪᠦᠬᠦᠳ᠋ᠠ ᠬᠤᠷᠠᠯ ᠤᠨ ᠵᠤᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠲᠤᠬᠠᠢ ᠱᠠᠭᠠᠷᠳ᠋ᠠᠯᠭ᠎ᠠ ᠲᠤᠷᠠᠳᠪᠠ᠃

                

               ᠬᠤᠷᠠᠯ ᠡᠴᠨ᠂ ᠨᠠᠮ ᠤᠨ ᠠᠷᠪᠠ ᠶᠢᠰᠤᠳ᠋ᠤᠭᠡᠷ ᠬᠤᠭᠤᠴᠠᠭᠠᠨ ᠤ ᠲᠦ᠋ᠪ ᠬᠤᠷᠢᠶᠠᠨ ᠤ ᠵᠢᠷᠭᠤᠳ᠋ᠤᠭᠠᠷ ᠪᠦᠬᠦᠳ᠋ᠠ ᠬᠤᠷᠠᠯ ᠪᠤᠯ ᠨᠠᠮ ᠪᠠᠢ᠌ᠭᠤᠯᠤᠭᠳ᠋ᠠᠭᠰᠨᠨ ᠵᠠᠭᠤᠨ ᠵᠢᠯ ᠤᠨ ᠤᠢ ᠶᠢᠨ ᠴᠢᠬᠤᠯᠨ ᠲᠠᠤᠭᠡᠨ ᠴᠠᠭ ᠮᠦ᠋ᠴᠨ ᠳ᠋ᠥ᠂ 《ᠬᠤᠤᠰ ᠵᠠᠭᠤᠨ ᠵᠢᠯ》 ᠤᠨ ᠲᠠᠮᠡᠴᠡᠬᠦ ᠬᠠᠷᠠᠯᠳ᠋ᠠ ᠶᠢᠨ ᠲᠡᠤᠭᠡ ᠶᠢᠨ ᠠᠭᠤᠯᠵᠠᠷ ᠲᠣ ᠬᠤᠷᠠᠯᠳ᠋ᠤᠭᠰᠨᠨ ᠨᠢᠭᠡᠨ ᠤᠳ᠋ᠠᠭᠠᠨ ᠤ ᠬᠦᠰᠢᠭᠡ ᠲᠤᠷᠠᠰᠬᠠᠯ ᠤᠨ ᠠᠴᠢ ᠬᠤᠯᠪᠤᠭᠳ᠋ᠠᠯ ᠲᠡᠶ ᠴᠢᠬᠤᠯᠨ ᠬᠤᠷᠠᠯ ᠪᠤᠯᠤᠨ᠎ᠠ᠃ ᠪᠦᠬᠦᠳ᠋ᠠ ᠬᠤᠷᠠᠯ ᠡᠴᠨ ᠬᠢᠨᠠᠨ ᠵᠦ᠋ᠪᠯᠡᠵᠤ ᠪᠠᠳ᠋ᠤᠯᠠᠭᠰᠨᠨ 《ᠨᠠᠮ ᠤᠨ ᠵᠠᠭᠤᠨ ᠵᠢᠯ ᠤᠨ ᠲᠠᠮᠠᠴᠡᠯ ᠤᠨ ᠴᠢᠬᠤᠯᠨ ᠶᠡᠭᠡ ᠠᠮᠵᠢᠯᠳ᠋ᠠ ᠪᠦᠳ᠋ᠤᠮᠵᠢ ᠪᠠ ᠲᠠᠤᠭᠡ ᠶᠢᠨ ᠲᠤᠷᠰᠢᠯᠭ᠎ᠠ ᠶᠢᠨ ᠲᠤᠬᠠᠢ ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠲᠦ᠋ᠪ ᠬᠤᠷᠢᠶᠠᠨ ᠤ ᠰᠢ᠌ᠳᠪᠤᠷᠢ》 ᠪᠤᠯ ᠮᠠᠨ ᠤ ᠨᠠᠮ ᠤᠨ ᠭᠤᠷᠪᠠᠳ᠋ᠤᠭᠠᠷ ᠲᠡᠤᠭᠡᠨ ᠰᠢ᠌ᠳᠪᠤᠷᠢ ᠮᠦ᠋ᠨ᠂ ᠴᠢᠬᠤᠯᠨ ᠶᠡᠭᠡ ᠪᠤᠳ᠋ᠠᠳ᠋ᠤ ᠠᠴᠢ ᠬᠤᠯᠪᠤᠭᠳ᠋ᠠᠯ ᠪᠠ ᠠᠯᠤᠰ ᠭᠡᠳ᠋ᠤ ᠶᠢᠨ ᠲᠠᠤᠭᠡᠳ᠋ᠤ ᠠᠴᠢ ᠬᠤᠯᠪᠤᠭᠳ᠋ᠠᠯ ᠲᠡᠶ ᠶᠤᠮ᠃ ᠨᠠᠮ ᠤᠨ ᠠᠷᠪᠠ ᠶᠢᠰᠤᠳ᠋ᠤᠭᠡᠷ ᠬᠤᠭᠤᠴᠠᠭᠠᠨ ᠤ ᠲᠦ᠋ᠪ ᠬᠤᠷᠢᠶᠠᠨ ᠤ ᠵᠢᠷᠭᠤᠳ᠋ᠤᠭᠠᠷ ᠪᠦᠬᠦᠳ᠋ᠠ ᠬᠤᠷᠠᠯ ᠤᠨ ᠵᠤᠷᠢᠭ ᠰᠠᠨᠠᠭ᠎ᠠ ᠶᠢ ᠰᠠᠢ᠌ᠳ᠋ᠤᠷ ᠰᠤᠷᠤᠯᠴᠠᠵᠤ᠂ ᠰᠠᠢ᠌ᠳ᠋ᠤᠷ ᠤᠬᠠᠭᠤᠯᠤᠨ᠂ ᠰᠠᠢ᠌ᠳ᠋ᠤᠷ ᠲᠤᠭᠤᠰᠢᠯᠠᠭᠤᠯᠬᠤ ᠪᠤᠯ ᠤᠳ᠋ᠤᠬᠠᠨ ᠤ ᠪᠠ ᠬᠤᠢ᠌ᠰᠢᠳ᠋ᠠ ᠶᠢᠨ ᠨᠢᠭᠡ ᠬᠤᠭᠤᠴᠠᠭᠠᠨ ᠤ ᠴᠢᠬᠤᠯᠨ ᠶᠡᠭᠡ ᠤᠯᠤᠰ ᠲᠦ᠋ᠷᠤ ᠶᠢᠨ ᠡᠬᠦᠷᠭᠡ ᠮᠦ᠋ᠨ ᠭᠡᠵᠡᠢ᠃

              

              ᠬᠤᠷᠠᠯ ᠡᠴᠨ᠂ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠪᠦᠬᠦ ᠨᠠᠮ ᠤᠨ ᠭᠡᠰᠢᠬᠦᠨ ᠺᠠᠳ᠋ᠷ ᠨᠠᠮ ᠤᠨ ᠠᠷᠪᠠ ᠶᠢᠰᠤᠳ᠋ᠤᠭᠡᠷ ᠬᠤᠭᠤᠴᠠᠭᠠᠨ ᠤ ᠲᠦ᠋ᠪ ᠬᠤᠷᠢᠶᠠᠨ ᠤ ᠵᠢᠷᠭᠤᠳ᠋ᠤᠭᠠᠷ ᠪᠦᠬᠦᠳ᠋ᠠ ᠬᠤᠷᠠᠯ ᠤᠨ ᠴᠢᠬᠤᠯᠨ ᠶᠡᠭᠡ ᠠᠴᠢ ᠬᠤᠯᠪᠤᠭᠳ᠋ᠠᠯ ᠢ ᠬᠦᠢᠴᠡᠳ ᠲᠠᠨᠢᠵᠤ᠂ ᠶᠡᠷᠤᠩᠭᠡᠢ ᠱᠦ᠋ᠵᠢ ᠰᠢ ᠵᠢᠨ ᠫᠢᠩ ᠤᠨ ᠪᠦᠬᠦᠳ᠋ᠠ ᠬᠤᠷᠠᠯ ᠲᠠᠭᠡᠷᠡᠬᠢ ᠴᠢᠬᠤᠯᠨ ᠶᠠᠷᠢᠶᠠᠨ ᠤ ᠵᠤᠷᠢᠭ ᠰᠠᠨᠠᠭᠠᠨ ᠤ ᠬᠦᠨᠵᠡᠭᠡᠢ ᠠᠭᠤᠯᠤᠭᠳ᠋ᠠᠬᠤᠨ ᠢ ᠰᠤᠷᠤᠯᠴᠠᠨ ᠤᠢ᠌ᠯᠠᠭᠠᠵᠤ᠂ ᠨᠠᠮ ᠤᠨ ᠵᠠᠭᠤᠨ ᠵᠢᠯ ᠤᠨ ᠲᠠᠮᠡᠴᠡᠯ ᠤᠨ ᠭᠤᠤᠯ ᠰᠡᠳ᠋ᠤᠪ᠂ ᠭᠤᠤᠯ ᠰᠢᠵᠢᠮ᠂ ᠴᠢᠬᠤᠯᠨ ᠶᠡᠭᠡ ᠠᠮᠵᠢᠯᠳ᠋ᠠ ᠪᠦᠳ᠋ᠤᠮᠵᠢ᠂ ᠲᠠᠤᠭᠡᠳ᠋ᠤ ᠠᠴᠢ ᠬᠤᠯᠪᠤᠭᠳ᠋ᠠᠯ ᠪᠠ ᠲᠡᠤᠭᠡᠨ ᠲᠤᠷᠰᠢᠯᠭ᠎ᠠ ᠶᠢ ᠪᠦᠬᠦ ᠲᠠᠯ᠎ᠠ ᠪᠠᠷ ᠤᠢ᠌ᠯᠠᠭᠠᠵᠤ᠂ 《ᠲᠦ᠋ᠷᠪᠠᠨ ᠤᠬᠠᠮᠰᠠᠷ》 ᠶᠢᠡᠨ ᠴᠢᠩᠭ᠋ᠠᠳᠬᠠᠵᠤ᠂ 《ᠲᠦ᠋ᠷᠪᠠᠨ ᠢᠳ᠋ᠡᠭᠡᠯ》 ᠶᠢᠡᠨ ᠪᠠᠳ᠋ᠤᠳᠬᠠᠨ᠂ 《ᠬᠤᠶᠠᠷ ᠢ ᠬᠠᠮᠠᠭᠠᠯᠠᠬᠤ》 ᠶᠢ ᠪᠠᠶᠡᠯᠡᠬᠦᠯᠵᠤ᠂ ᠤᠯᠤᠰ ᠲᠦ᠋ᠷᠤ ᠶᠢᠨ ᠮᠠᠭᠠᠳᠯᠠᠬᠤ ᠴᠢᠳ᠋ᠠᠪᠤᠷᠢ᠂ ᠤᠯᠤᠰ ᠲᠦ᠋ᠷᠤ ᠶᠢᠨ ᠤᠢ᠌ᠯᠠᠭᠠᠬᠤ ᠴᠢᠳ᠋ᠠᠪᠤᠷᠢ᠂ ᠤᠯᠤᠰ ᠲᠦ᠋ᠷᠤ ᠶᠢᠨ ᠭᠡᠷᠡᠭ᠍ᠵᠢᠬᠦᠯᠬᠦ ᠴᠢᠳ᠋ᠠᠪᠤᠷᠢ ᠪᠠᠨ ᠲᠠᠰᠤᠷᠠᠯᠳ᠋ᠠ ᠦᠭᠡᠶ ᠲᠠᠭᠡᠭ᠍ᠰᠢᠯᠡᠬᠦᠯᠬᠦ ᠭᠡᠷᠡᠭ᠍ᠳ᠋ᠡᠢ᠃ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠭᠤᠯᠭ᠎ᠠ ᠶᠢᠨ ᠺᠠᠳ᠋ᠷ ᠤᠨ ᠲᠤᠰ ᠪᠠᠶ᠎ᠠ ᠶᠢᠨ ᠴᠢᠳ᠋ᠠᠪᠤᠷᠢ ᠶᠢᠨ ᠪᠠᠢ᠌ᠭᠤᠯᠤᠯᠳ᠋ᠠ ᠶᠢ ᠴᠢᠩᠭ᠋ᠠᠳᠬᠠᠵᠤ᠂ ᠤᠯᠤᠰ ᠲᠦ᠋ᠷᠤ ᠶᠢᠨ ᠤᠨᠤᠯ᠂ ᠬᠠᠤᠯᠢ ᠴᠠᠭᠠᠵᠨ ᠬᠠᠤᠯᠢ ᠲᠤᠭᠳ᠋ᠠᠭᠠᠯ ᠪᠤᠯᠤᠨ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠭᠤᠯᠭ᠎ᠠ ᠶᠢᠨ ᠲᠤᠬᠠᠢ᠌ᠯᠠᠭᠰᠨᠨ ᠠᠵᠢᠯ ᠤᠨ ᠮᠡᠳ᠋ᠡᠯᠭᠡ ᠶᠢᠨ ᠰᠤᠷᠤᠯᠴᠠᠯᠭ᠎ᠠ ᠶᠢ ᠰᠠᠢ᠌ᠳ᠋ᠤᠷ ᠠᠳᠬᠤᠵᠤ᠂ ᠰᠢᠨ᠎ᠠ ᠴᠠᠭ ᠦᠶ᠎ᠠ ᠶᠢᠨ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠭᠤᠯᠭ᠎ᠠ ᠶᠢᠨ ᠠᠵᠢᠯ ᠲᠤᠮᠳ᠋ᠠ ᠰᠢᠨ᠎ᠠ ᠡᠬᠦᠷᠭᠡ ᠬᠠᠷᠢᠭᠤᠴᠠᠯᠭ᠎ᠠ ᠡᠬᠦᠷᠭᠡᠯᠡᠬᠦ ᠪᠠᠷ ᠴᠢᠷᠮᠠᠢ᠌ᠬᠤ ᠭᠡᠷᠡᠭ᠍ᠳ᠋ᠡᠢ᠃ ᠪᠦᠬᠦᠳ᠋ᠠ ᠬᠤᠷᠠᠯ ᠤᠨ ᠵᠤᠷᠢᠭ ᠰᠠᠨᠠᠭ᠎ᠠ ᠶᠢ ᠬᠦᠨᠵᠡᠭᠡᠢ ᠰᠤᠷᠤᠯᠴᠠᠨ ᠲᠤᠭᠤᠰᠢᠯᠠᠭᠤᠯᠬᠤ ᠶᠢ ᠨᠠᠮ ᠤᠨ ᠲᠠᠤᠭᠡ ᠶᠢᠨ ᠰᠤᠷᠤᠯᠴᠠᠯᠭ᠎ᠠ ᠬᠦᠮᠤᠵᠢᠯ ᠢ ᠬᠦᠨᠵᠡᠭᠡᠢ᠌ᠷᠡᠬᠦᠯᠤᠨ ᠪᠤᠳ᠋ᠠᠳ᠋ᠠᠢ᠌ᠵᠢᠭᠤᠯᠬᠤ ᠲᠡᠶ ᠤᠶᠠᠯᠳ᠋ᠤᠭᠤᠯᠵᠤ᠂ ᠲᠦ᠋ᠪ ᠤᠨ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠠᠵᠢᠯ ᠤᠨ ᠬᠤᠷᠠᠯ ᠤᠨ ᠵᠤᠷᠢᠭ ᠰᠠᠨᠠᠭ᠎ᠠ ᠶᠢ ᠲᠤᠭᠤᠰᠢᠯᠠᠭᠤᠯᠤᠨ ᠨᠠᠢ᠌ᠳ᠋ᠠᠪᠤᠷᠢᠵᠢᠭᠤᠯᠬᠤ ᠲᠡᠶ ᠤᠶᠠᠯᠳ᠋ᠤᠭᠤᠯᠤᠨ᠂ ᠬᠤᠰᠢᠭᠤᠨ ᠤ ᠨᠠᠮ ᠤᠨ ᠠᠷᠪᠠᠨ ᠭᠤᠷᠪᠠᠳ᠋ᠤᠭᠠᠷ ᠤᠳ᠋ᠠᠭᠠᠨ ᠤ ᠨᠠᠮ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠵᠤᠷᠢᠭ ᠰᠠᠨᠠᠭ᠎ᠠ ᠶᠢ ᠲᠤᠭᠤᠰᠢᠯᠠᠭᠤᠯᠤᠨ ᠨᠠᠢ᠌ᠳ᠋ᠠᠪᠤᠷᠢᠵᠢᠭᠤᠯᠬᠤ ᠲᠡᠶ ᠤᠶᠠᠯᠳ᠋ᠤᠭᠤᠯᠵᠤ᠂ ᠦᠨᠡᠨᠬᠦ ᠠᠳᠬᠤᠨ ᠪᠤᠳ᠋ᠠᠳ᠋ᠠᠢ ᠠᠵᠢᠯᠯᠠᠵᠤ᠂ ᠬᠠᠷᠢᠭᠤᠴᠠᠯᠭ᠎ᠠ ᠡᠬᠦᠷᠭᠡᠯᠡᠨ ᠵᠢᠳᠬᠦᠯ ᠴᠢᠷᠮᠠᠢ᠌ᠯᠭ᠎ᠠ ᠭᠠᠷᠭᠠᠨ᠂ ᠬᠦᠴᠢᠷ ᠢ ᠲᠤᠭᠤᠯᠤᠨ ᠪᠡᠷᠭᠡ ᠶᠢ ᠲᠠᠪᠠᠵᠤ᠂ ᠬᠠᠤᠯᠢ ᠶᠤᠰᠤᠭᠠᠷ ᠲᠤᠰᠢᠶᠠᠯ ᠶᠢᠡᠨ ᠬᠦᠢᠴᠡᠳᠭᠡᠵᠤ᠂ ᠪᠦᠬᠦ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠠᠵᠢᠯ ᠤᠨ ᠲᠠᠰᠤᠷᠠᠯᠳ᠋ᠠ ᠦᠭᠡᠶ ᠤᠷᠤᠭᠰᠢ ᠬᠦᠭ᠍ᠵᠢᠬᠦ ᠶᠢ ᠠᠬᠢᠭᠤᠯᠬᠤ ᠭᠡᠷᠡᠭ᠍ᠳ᠋ᠡᠢ ᠭᠡᠵᠤ ᠴᠢᠬᠤᠯᠠᠴᠢᠯᠠᠪᠠ᠃ (ᠳ᠋ᠠᠢ ᠰᠢᠶ‍ᠦ᠋ᠩ)

ᠡᠮᠦᠨᠡᠬᠢ᠄ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠨᠠᠮ ᠤᠨ ᠲᠦ᠋ᠪ ᠬᠤᠷᠢᠶᠠᠨ ᠤ ᠬᠢᠭ᠍ᠰᠡᠨ ᠨᠠᠮ ᠤᠨ ᠠᠷᠪᠠ ᠶᠢᠰᠤᠳ᠋ᠤᠭᠡᠷ ᠬᠤᠭᠤᠴᠠᠭᠠᠨ ᠤ ᠵᠢᠷᠭᠤᠳ᠋ᠤᠭᠠᠷ ᠪᠦᠬᠦᠳ᠋ᠠ ᠬᠤᠷᠠᠯ ᠤᠨ ᠰᠤᠨᠢᠨ ᠮᠡᠳ᠋ᠡᠭᠡ ᠨᠡᠢ᠌ᠳ᠋ᠡᠯᠡᠬᠦ ᠬᠤᠷᠠᠯ ᠤᠨ ᠲᠠᠨᠢᠯᠴᠠᠭᠤᠯᠭ᠎ᠠ ᠶᠢ ᠲᠦ᠋ᠪᠯᠡᠷᠡᠨ ᠦᠵᠡᠪᠡ
ᠳᠠᠷᠠᠭᠠᠬᠢ᠄ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠬᠦᠷ ᠤᠯᠤᠰ ᠤᠨ ᠨᠢᠭᠤᠴᠨ ᠶᠢ ᠬᠢᠨᠠᠨ ᠲᠤᠭᠳ᠋ᠠᠭᠠᠬᠤ ᠠᠵᠢᠯ ᠤᠨ ᠲᠤᠭᠳ᠋ᠠᠭᠠᠯ ᠢ ᠲᠦ᠋ᠪᠯᠡᠷᠡᠬᠦᠯᠤᠨ ᠰᠤᠷᠤᠯᠴᠠᠪᠠ