ᠵᠠᠷᠤᠳ ᠬᠤᠰᠢᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠶᠢᠨ ᠠᠯᠪᠠᠨ ᠵᠠᠷᠯᠠᠯ
ᠠᠷᠪᠠᠨ ᠵᠢᠷᠭᠤᠳ᠋ᠤᠭᠠᠷ ᠲᠤᠭᠠᠳ᠋ᠤ
ᠵᠠᠷᠤᠳ ᠬᠤᠰᠢᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠶᠢᠨ ᠲᠤᠰᠢᠶᠠᠯ ᠳᠤ ᠲᠤᠮᠢᠯᠠᠵᠤ ᠪᠠᠭᠤᠯᠭᠠᠬᠤ ᠨᠠᠷᠡᠰ ᠤᠨ ᠰᠢ᠌ᠳᠪᠦᠷᠢ
(2021 ᠤᠨ ᠤ 11 ᠰᠠᠷ᠎ᠠ ᠶᠢᠨ 25 ᠤ ᠡᠳ᠋ᠦᠷ ᠵᠠᠷᠤᠳ ᠬᠤᠰᠢᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠶᠢᠨ ᠬᠤᠷᠢᠨ ᠨᠢ᠋ᠮᠠᠳ᠋ᠤᠭᠠᠷ ᠬᠤᠷᠠᠯ ᠶᠢᠡᠷ ᠪᠠᠳ᠋ᠤᠯᠠᠪᠠ)
ᠲᠤᠰᠢᠶᠠᠯ ᠡᠴᠡ ᠪᠠᠭᠤᠯᠭᠠᠬᠤ ᠰᠢ᠌ᠳᠪᠦᠷᠢ᠄
ᠶᠠᠩ ᠭᠧ ᠬᠤᠸᠠ ᠨᠦ᠋ᠬᠦᠷ ᠤᠨ ᠬᠠᠷᠢᠭᠤᠴᠠᠭᠰᠨᠨ ᠵᠠᠷᠤᠳ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠤ ᠰᠢᠬᠦᠭ᠍ᠴᠢ᠂ ᠰᠢᠬᠦᠨ ᠲᠠᠰᠤᠯᠬᠤ ᠵᠦ᠋ᠪᠯᠡᠯ ᠤᠨ ᠭᠡᠰᠢᠬᠦᠨ᠂ ᠬᠤᠷᠢᠶᠠᠨ ᠲᠠᠷᠤᠭ᠎ᠠ ᠶᠢᠨ ᠲᠤᠰᠢᠶᠠᠯ ᠡᠴᠡ ᠪᠠᠭᠤᠯᠭᠠᠪᠠ᠃
ᠳ᠋ᠸᠩ ᠭᠤᠸᠠᠩ ᠹᠸᠩ ᠨᠦ᠋ᠬᠦᠷ ᠤᠨ ᠬᠠᠷᠢᠭᠤᠴᠠᠭᠰᠨᠨ ᠵᠠᠷᠤᠳ ᠬᠤᠰᠢᠭᠤᠨ ᠤ ᠠᠷᠠᠳ ᠤᠨ ᠪᠠᠢ᠌ᠴᠠᠭᠠᠬᠤ ᠬᠤᠷᠢᠶᠠᠨ ᠤ ᠪᠠᠢ᠌ᠴᠠᠭᠠᠬᠤ ᠲᠠᠷᠤᠭ᠎ᠠ᠂ ᠪᠠᠢ᠌ᠴᠠᠭᠠᠬᠤ ᠵᠦ᠋ᠪᠯᠡᠯ ᠤᠨ ᠭᠡᠰᠢᠬᠦᠨ᠂ ᠪᠠᠢ᠌ᠴᠠᠭᠠᠭᠴᠢ ᠶᠢᠨ ᠲᠤᠰᠢᠶᠠᠯ ᠡᠴᠡ ᠪᠠᠭᠤᠯᠭᠠᠪᠠ᠃
ᠲᠤᠰᠢᠶᠠᠯ ᠳᠤ ᠲᠤᠮᠢᠯᠠᠬᠤ ᠰᠢ᠌ᠳᠪᠦᠷᠢ᠄
ᠲᠤᠩᠭ᠋ᠠᠯᠠᠭ ᠨᠦ᠋ᠬᠦᠷ ᠢ ᠵᠠᠷᠤᠳ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠤ ᠰᠢᠬᠦᠭ᠍ᠴᠢ᠂ ᠰᠢᠬᠦᠨ ᠲᠠᠰᠤᠯᠬᠤ ᠵᠦ᠋ᠪᠯᠡᠯ ᠤᠨ ᠭᠡᠰᠢᠬᠦᠨ ᠶᠢᠡᠷ ᠲᠤᠮᠢᠯᠠᠵᠤ᠂ ᠤᠷᠤᠯᠠᠭᠴᠢ ᠬᠤᠷᠢᠶᠠᠨ ᠲᠠᠷᠤᠭ᠎ᠠ ᠪᠠᠷ ᠲᠤᠭᠳ᠋ᠠᠪᠠ᠃
ᠴᠢᠤᠢ ᠶᠸ ᠬᠤᠩ ᠨᠦ᠋ᠬᠦᠷ ᠢ ᠵᠠᠷᠤᠳ ᠬᠤᠰᠢᠭᠤᠨ ᠤ ᠠᠷᠠᠳ ᠤᠨ ᠪᠠᠢ᠌ᠴᠠᠭᠠᠬᠤ ᠬᠤᠷᠢᠶᠠᠨ ᠤ ᠪᠠᠢ᠌ᠴᠠᠭᠠᠬᠤ ᠵᠦ᠋ᠪᠯᠡᠯ ᠤᠨ ᠭᠡᠰᠢᠬᠦᠨ᠂ ᠪᠠᠢ᠌ᠴᠠᠭᠠᠭᠴᠢ ᠪᠠᠷ ᠲᠤᠮᠢᠯᠠᠵᠤ᠂ ᠤᠷᠤᠯᠠᠭᠴᠢ ᠪᠠᠢ᠌ᠴᠠᠭᠠᠬᠤ ᠲᠠᠷᠤᠭ᠎ᠠ ᠪᠠᠷ ᠲᠤᠭᠳ᠋ᠠᠪᠠ᠃
ᠲᠤᠰ ᠠᠯᠪᠠᠨ ᠵᠠᠷᠯᠠᠯ
ᠵᠠᠷᠤᠳ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ
2021 ᠤᠨ ᠤ 11 ᠰᠠᠷ᠎ᠠ ᠶᠢᠨ 25 ᠤ ᠡᠳ᠋ᠦᠷ