ᠵᠠᠷᠤᠤᠨ ᠬᠤᠰᠢᠭᠤ ᠰᠤᠮᠤ ᠪᠠᠯᠭᠠᠰᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠬᠤᠭᠤᠴᠠᠭ᠎ᠠ ᠰᠤᠯᠢᠬᠤ ᠠᠵᠢᠯ ᠢ ᠲᠠᠬᠦᠰ ᠠᠮᠵᠢᠯᠳ᠋ᠠ ᠲᠡᠶ ᠪᠠᠶᠠᠯᠡᠬᠦᠯᠪᠠ

12 ᠰᠠᠷ᠎ᠠ ᠶᠢᠨ 6 ᠤ ᠡᠳ᠋ᠤᠷ ᠡᠴᠨ 9 ᠤ ᠡᠳ᠋ᠤᠷ ᠪᠤᠯᠳ᠋ᠠᠯ᠎ᠠ᠂ ᠵᠠᠷᠤᠤᠨ ᠬᠤᠰᠢᠭᠤᠨ ᠤ 15 ᠰᠤᠮᠤ ᠪᠠᠯᠭᠠᠰᠤ ᠵᠠᠯᠭᠠᠪᠠᠷ ᠰᠢᠨ᠎ᠠ ᠨᠢᠭᠡ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠠᠩᠬᠠᠳ᠋ᠤᠭᠠᠷ ᠬᠤᠷᠠᠯ ᠬᠤᠷᠠᠯᠳ᠋ᠤᠭᠤᠯᠵᠤ᠂ ᠰᠤᠮᠤ ᠪᠠᠯᠭᠠᠰᠤᠨ ᠤ 875 ᠨᠡᠷᠡᠰ ᠠᠷᠠᠳ ᠤᠨ ᠲᠦ᠋ᠯᠤᠭᠡᠯᠡᠭ᠍ᠴᠢ ᠠᠷᠠᠳ ᠲᠦ᠋ᠮᠨᠨ ᠤ ᠬᠦᠨᠳ᠋ᠤ ᠨᠠᠢ᠌ᠳ᠋ᠠᠯᠭ᠎ᠠ ᠶᠢ ᠡᠬᠦᠷᠭᠡᠯᠡᠨ᠂ ᠡᠬᠦᠷᠭᠡ ᠬᠠᠷᠢᠭᠤᠴᠠᠯᠭ᠎ᠠ ᠪᠠᠨ ᠬᠢᠨᠠᠮᠠᠭᠠᠢ ᠬᠦᠢᠴᠡᠳᠭᠡᠵᠤ᠂ ᠰᠢᠨ᠎ᠠ ᠨᠢᠭᠡ ᠬᠤᠭᠤᠴᠠᠭᠠᠨ ᠤ ᠰᠤᠮᠤ ᠪᠠᠯᠭᠠᠰᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ᠂ ᠵᠠᠰᠠᠭ ᠤᠨ ᠤᠷᠳ᠋ᠤᠨ ᠤ ᠤᠳ᠋ᠤᠷᠢᠳᠬᠤ ᠪᠠᠭ ᠢ ᠬᠠᠤᠯᠢ ᠶᠤᠰᠤᠭᠠᠷ ᠰᠤᠩᠭ᠋ᠤᠨ ᠭᠠᠷᠭᠠᠪᠠ᠃

ᠡᠯ᠎ᠠ ᠰᠤᠮᠤ ᠪᠠᠯᠭᠠᠰᠤᠨ ᠤ ᠬᠢᠨ ᠬᠤᠭᠤᠴᠠᠭ᠎ᠠ ᠰᠤᠯᠢᠬᠤ ᠠᠵᠢᠯ ᠤᠨ ᠲᠠᠰ ᠲᠠᠷᠠᠭᠠᠯᠠᠯ ᠤᠨ ᠱᠠᠭᠠᠷᠳ᠋ᠠᠯᠭ᠎ᠠ ᠶᠢ ᠴᠢᠩᠭ᠎ᠠ ᠵᠢᠷᠤᠮᠯᠡᠨ᠂ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠡᠯᠡᠳᠭᠡᠯ ᠠᠵᠢᠯ ᠢ ᠨᠠᠷᠢᠨ ᠨᠢᠮᠪᠠᠢ ᠰᠠᠢ᠌ᠳ᠋ᠤᠷ ᠬᠢᠵᠤ᠂ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠬᠢᠨᠠᠨ ᠵᠦ᠋ᠪᠯᠡᠬᠦ ᠮᠡᠳ᠋ᠡᠬᠦᠯᠤᠯᠳ᠋ᠠ᠂ ᠰᠢ᠌ᠳᠪᠤᠷᠢ ᠶᠢ ᠶᠠᠷᠢᠯᠴᠠᠨ ᠰᠤᠳ᠋ᠤᠯᠵᠤ᠂ ᠲᠦ᠋ᠯᠤᠭᠡᠯᠡᠭ᠍ᠴᠢᠳ ᠢ ᠵᠤᠬᠢᠶᠠᠨ ᠪᠠᠢ᠌ᠭᠤᠯᠵᠤ ᠴᠢᠬᠤᠯᠨ ᠪᠦᠬᠦᠢ ᠪᠠᠢ᠌ᠴᠠᠭᠠᠯᠳ᠋ᠠ ᠪᠠ ᠪᠤᠯᠪᠠᠰᠤᠷᠠᠯ ᠬᠢᠵᠤ᠂ ᠬᠠᠤᠯᠢ ᠶᠤᠰᠤᠭᠠᠷ ᠶᠡᠭᠡ ᠬᠤᠷᠠᠯ ᠤᠨ ᠰᠤᠩᠭ᠋ᠤᠭᠤᠯᠢ ᠶᠢᠨ ᠠᠷᠭ᠎ᠠ ᠶᠢ ᠲᠤᠭᠳ᠋ᠠᠭᠠᠨ᠂ ᠰᠤᠩᠭ᠋ᠤᠭᠤᠯᠢ ᠶᠢᠨ ᠠᠵᠢᠯ ᠤᠨ ᠲᠦ᠋ᠷᠢᠮ ᠲᠤᠭᠳ᠋ᠠᠭᠠᠯ ᠢ ᠲᠠᠬᠦᠯᠳ᠋ᠡᠷᠵᠢᠬᠦᠯᠵᠤ᠂ ᠲᠠᠰ ᠲᠠᠷᠠᠭᠠᠯᠠᠯ ᠶᠤᠰᠤᠭᠠᠷ ᠪᠠᠶᠡᠯᠡᠬᠦᠯᠪᠡ᠃ ᠬᠤᠭᠤᠴᠠᠭ᠎ᠠ ᠰᠤᠯᠢᠬᠤ ᠰᠤᠩᠭ᠋ᠤᠭᠤᠯᠢ ᠪᠠᠷ ᠲᠠᠮᠵᠢᠨ᠂ ᠰᠤᠮᠤ ᠪᠠᠯᠭᠠᠰᠤᠨ ᠤ ᠰᠢᠨ᠎ᠠ ᠨᠢᠭᠡ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠲᠠᠷᠢᠬᠦᠯᠡᠭ᠍ᠴᠢᠳ ᠤᠨ ᠪᠦᠯᠬᠦᠮ ᠤᠨ ᠲᠠᠷᠢᠬᠦᠯᠡᠭ᠍ᠴᠢ15 ᠬᠦᠮᠤᠨ᠂ ᠵᠠᠰᠠᠭ ᠤᠨ ᠤᠷᠳ᠋ᠤᠨ ᠤ ᠵᠢᠩᠬᠢᠨᠢ ᠲᠤᠰᠢᠶᠠᠯᠳ᠋ᠠᠨ15 ᠬᠦᠮᠤᠨ᠂ ᠲᠠᠳ᠋ ᠲᠤᠰᠢᠶᠠᠯᠳ᠋ᠠᠨ 58 ᠬᠦᠮᠤᠨ ᠢ ᠰᠤᠩᠭ᠋ᠤᠨ ᠭᠠᠷᠭᠠᠪᠠ᠃


ᠰᠤᠮᠤ ᠪᠠᠯᠭᠠᠰᠤᠨ ᠤ ᠰᠢᠨ᠎ᠠ ᠨᠢᠭᠡ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠲᠠᠷᠢᠬᠦᠯᠡᠭ᠍ᠴᠢᠳ ᠤᠨ ᠪᠦᠯᠬᠦᠮ ᠤᠨ ᠲᠠᠷᠢᠬᠦᠯᠡᠭ᠍ᠴᠢ᠂ ᠵᠠᠰᠠᠭ ᠤᠨ ᠤᠷᠳ᠋ᠤᠨ ᠤ ᠤᠳ᠋ᠤᠷᠢᠳᠬᠤ ᠪᠠᠭ ᠤᠨ ᠲᠠᠭ᠍ᠰᠢᠳᠭᠡᠭ᠍ᠰᠨᠨ ᠨᠠᠰᠤ 38.1 ᠪᠠᠢ᠌ᠵᠤ᠂1985 ᠤᠨ ᠡᠴᠨ ᠰᠡᠬᠦᠯᠡᠷ ᠲᠦ᠋ᠷᠦᠭ᠍ᠰᠨᠨ ᠺᠠᠳ᠋ᠷ 33 ᠬᠦᠮᠤᠨ᠂1990 ᠤᠨ ᠡᠴᠨ ᠰᠡᠬᠦᠯᠡᠷ ᠲᠦ᠋ᠷᠦᠭ᠍ᠰᠨᠨ ᠺᠠᠳ᠋ᠷ16 ᠬᠦᠮᠤᠨ᠃ ᠶᠡᠭᠡ ᠰᠤᠷᠭᠠᠭᠤᠯᠢ ᠶᠢᠨ ᠵᠢᠩᠬᠢᠨᠢ ᠠᠩᠬᠢ ᠡᠴᠨ ᠲᠠᠭᠡᠭ᠍ᠰᠢ ᠰᠤᠷᠤᠯᠭ᠎ᠠ ᠶᠢᠨ ᠨᠠᠮᠳ᠋ᠠᠷ ᠲᠡᠶ ᠺᠠᠳ᠋ᠷ 84% ᠳ᠋ᠥ ᠬᠦᠷᠴᠤ᠂ ᠤᠳ᠋ᠤᠷᠢᠳᠬᠤ ᠪᠠᠭ ᠤᠨ ᠨᠠᠰᠤ ᠵᠢᠯ᠂ ᠮᠡᠳ᠋ᠡᠯᠭᠡ ᠵᠡᠷᠭᠡ ᠪᠦᠳ᠋ᠤᠴᠨ ᠤᠯᠠᠮ ᠨᠢᠭᠡ ᠠᠯᠬᠤᠮ ᠰᠢᠯᠢᠳ᠋ᠡᠭ᠍ᠵᠢᠪᠡ᠃ (ᠳ᠋ᠠᠢ ᠰᠢᠶᠦ᠋ᠩ)