ᠠᠷᠠᠳ ᠤᠨ ᠲᠦ᠋ᠯᠤᠭᠡᠯᠡᠭ᠍ᠴᠢ ᠪᠤᠯᠤᠨ ᠤᠯᠤᠰ ᠲᠦ᠋ᠷᠤ ᠶᠢᠨ ᠵᠦ᠋ᠪᠯᠡᠯᠭᠡᠨ ᠤ ᠭᠡᠰᠢᠬᠦᠤᠨ ᠵᠠᠰᠠᠭ ᠤᠨ ᠤᠷᠳ᠋ᠤᠨ ᠤ ᠠᠵᠢᠯ ᠤᠨ ᠢᠯᠡᠳᠭᠡᠯ ᠵᠢᠴᠢ ᠪᠤᠰᠤᠤᠨ ᠮᠡᠳ᠋ᠡᠬᠦᠯᠤᠯᠳ᠋ᠠ ᠶᠢ ᠶᠠᠷᠢᠯᠴᠠᠨ ᠬᠢᠨᠠᠨ ᠵᠦ᠋ᠪᠯᠡᠪᠡ

1 ᠰᠠᠷ᠎ᠠ ᠶᠢᠨ 7 ᠤ ᠡᠳ᠋ᠤᠷ᠂ ᠵᠠᠷᠤᠤᠨ ᠬᠤᠰᠢᠭᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠠᠩᠬᠠᠳ᠋ᠤᠭᠠᠷ ᠬᠤᠷᠠᠯᠳ᠋ᠤᠭᠠᠨ ᠳ᠋ᠥ ᠤᠷᠤᠯᠴᠠᠭᠰᠨᠨ ᠠᠷᠠᠳ ᠤᠨ ᠲᠦ᠋ᠯᠤᠭᠡᠯᠡᠭ᠍ᠴᠢ ᠪᠠ ᠤᠯᠤᠰ ᠲᠦ᠋ᠷᠤ ᠶᠢᠨ ᠵᠦ᠋ᠪᠯᠡᠯᠭᠡᠨ ᠤ ᠵᠠᠷᠤᠤᠨ ᠬᠤᠰᠢᠭᠤᠨ ᠤ ᠠᠷᠪᠠᠨ ᠨᠢᠭᠡᠳ᠋ᠤᠭᠡᠷ ᠬᠤᠭᠤᠴᠠᠭᠠᠨ ᠤ ᠠᠩᠬᠠᠳ᠋ᠤᠭᠠᠷ ᠬᠤᠷᠠᠯ ᠳ᠋ᠥ ᠤᠷᠤᠯᠴᠠᠭᠰᠨᠨ ᠭᠡᠰᠢᠬᠦᠤᠨ ᠲᠤᠰᠢᠶᠠᠯ ᠬᠠᠷᠢᠭᠤᠴᠠᠯᠭ᠎ᠠ ᠪᠠᠨ ᠨᠠᠷᠢᠨ ᠬᠢᠨᠠᠮᠠᠭᠠᠢ ᠬᠦᠢᠴᠡᠳᠭᠡᠵᠤ᠂ ᠲᠤᠭᠤᠢ᠌ᠯᠠᠩ ᠬᠤᠪᠢᠶᠠᠨ 《ᠵᠠᠰᠠᠭ ᠤᠨ ᠤᠷᠳ᠋ᠤᠨ ᠤ ᠠᠵᠢᠯ ᠤᠨ ᠢᠯᠡᠳᠭᠡᠯ》 ᠵᠢᠴᠢ ᠪᠤᠰᠤᠤᠨ ᠮᠡᠳ᠋ᠡᠬᠦᠯᠤᠯᠳ᠋ᠠ ᠶᠢ ᠶᠠᠷᠢᠯᠴᠠᠨ ᠬᠢᠨᠠᠨ ᠵᠦ᠋ᠪᠯᠡᠪᠡ᠃


ᠬᠤᠰᠢᠭᠤᠨ ᠤ ᠤᠳ᠋ᠤᠷᠢᠳ᠋ᠤᠯᠭ᠎ᠠ ᠱᠤᠤ ᠶᠠᠨ ᠵᠢᠶᠦ᠋ᠨ᠂ ᠡᠤ ᠴᠢᠩ ᠬᠠᠢ᠂ ᠪᠤᠤ ᠸᠸᠨ ᠯᠠᠨ᠂ ᠯᠢᠤ ᠶᠦ᠋ᠩ᠂ ᠪᠠᠳ᠋ᠤ᠂ ᠯᠢᠤ ᠶᠤᠤ᠂ ᠯᠢᠤ ᠰᠢ ᠯᠢᠨ᠂ ᠪᠠᠢ ᠶᠠᠨ ᠰᠢᠤᠸᠠᠢ᠂ ᠯᠢ ᠢᠤᠢ ᠹᠦ᠂ ᠪᠤᠤ ᠯᠦ᠋ᠩ᠂ ᠼᠦ᠋ᠢ ᠯᠸᠢ ᠯᠸᠢ᠂ ᠯᠢ ᠶᠦ᠋ᠩ ᠬᠠᠢ᠂ ᠳ᠋ᠢᠩ ᡁᠢ ᠭᠠᠩ᠂ ᠳ᠋ᠦ᠋ᠩ ᠭᠤᠸᠠᠩ ᠢᠤᠢ᠂ ᠮᠦ᠋ᠩᠬᠦᠨᠬᠤᠸᠠᠷ᠂ ᠡᠤ ᠰᠢᠶᠤᠤ᠂ ᠳ᠋ᠠᠢ ᠪᠤᠤ ᠯᠢᠨ᠂ ᠸᠠᠩ ᠴᠸᠩ᠂ ᠲᠤᠩᠭ᠋ᠠᠯᠠᠭ᠂ ᠴᠢᠤᠢ ᠶᠸ ᠬᠤᠩ ᠲᠤᠭᠤᠢ᠌ᠯᠠᠩ ᠬᠤᠪᠢᠶᠠᠨ ᠶᠠᠷᠢᠯᠴᠠᠬᠤ ᠳ᠋ᠥ ᠤᠷᠤᠯᠴᠠᠪᠠ᠃ᠬᠤᠰᠢᠭᠤᠨ ᠤ ᠨᠠᠮ ᠤᠨ ᠬᠤᠷᠢᠶᠠᠨ ᠤ ᠱᠦ᠋ᠵᠢ ᠱᠤᠤ ᠶᠠᠨ ᠵᠢᠶᠦ᠋ᠨ ᠵᠡᠷᠭᠡ ᠬᠤᠰᠢᠭᠤᠨ ᠤ ᠤᠳ᠋ᠤᠷᠢᠳ᠋ᠤᠯᠭ᠎ᠠ ᠬᠤᠶᠠᠳ᠋ᠤᠭᠠᠷ ᠲᠦ᠋ᠯᠤᠭᠡᠯᠡᠭ᠍ᠴᠢ ᠶᠢᠨ ᠪᠦᠯᠬᠦᠮ ᠳ᠋ᠥ ᠤᠷᠤᠯᠴᠠᠨ ᠬᠢᠨᠠᠨ ᠵᠦ᠋ᠪᠯᠡᠪᠡ᠃ ᠲᠦ᠋ᠯᠤᠭᠡᠯᠡᠭ᠍ᠴᠢᠳ ᠡᠴᠨ᠂ ᠵᠠᠰᠠᠭ ᠤᠨ ᠤᠷᠳ᠋ᠤᠨ ᠤ ᠠᠵᠢᠯ ᠤᠨ ᠢᠯᠡᠳᠭᠡᠯ ᠨᠢ ᠬᠤᠰᠢᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢᠳ ᠤᠨ ᠠᠩᠬᠠᠳ᠋ᠤᠭᠠᠷ ᠬᠤᠷᠠᠯᠳ᠋ᠤᠭᠠᠨ ᠡᠴᠨ ᠨᠠᠭᠠᠰᠢᠬᠢ ᠵᠠᠰᠠᠭ ᠤᠨ ᠤᠷᠳ᠋ᠤᠨ ᠤ ᠠᠵᠢᠯ ᠢ ᠡᠷᠬᠢᠴᠡᠬᠦᠯᠵᠤ᠂ ᠢᠷᠡᠭᠡᠳ᠋ᠤᠢ ᠶᠢᠨ ᠲᠠᠪᠤᠨ ᠵᠢᠯ ᠤᠨ ᠠᠤᠭ᠎ᠠ ᠬᠦᠭ᠍ᠵᠢᠯᠳ᠋ᠠ ᠶᠢᠨ ᠲᠦ᠋ᠰᠤᠪ ᠢ ᠵᠢᠷᠤᠭᠯᠠᠨ᠂ ᠮᠡᠳ᠋ᠡᠬᠦᠯᠤᠯᠳ᠋ᠠ ᠶᠢᠨ ᠭᠤᠤᠯ ᠰᠡᠳ᠋ᠤᠪ ᠬᠠᠷᠠᠯᠳ᠋ᠠ ᠲᠤᠳ᠋ᠤᠷᠬᠠᠢ᠂ ᠭᠤᠤᠯᠳ᠋ᠠᠯᠭ᠎ᠠ ᠲᠤᠪᠤᠢ᠌ᠮ᠎ᠠ᠂ ᠡᠬᠦᠨ ᠡᠴᠨ ᠬᠤᠢ᠌ᠰᠢᠳ᠋ᠠ ᠶᠢᠨ ᠲᠠᠪᠤᠨ ᠵᠢᠯ ᠤᠨ ᠪᠦᠬᠦ ᠬᠤᠰᠢᠭᠤᠨ ᠤ ᠬᠦᠭ᠍ᠵᠢᠯᠳ᠋ᠠ ᠶᠢᠨ ᠠᠵᠢᠯᠯᠠᠭᠠᠨ ᠤ ᠬᠦᠳ᠋ᠤᠯᠪᠤᠷᠢ ᠶᠢ ᠵᠢᠯᠤᠭᠤᠳ᠋ᠤᠭᠰᠨᠨ ᠪᠠᠢ᠌ᠨ᠎ᠠ ᠭᠡᠵᠡᠭᠡᠪᠡ᠃ᠱᠤᠤ ᠶᠠᠨ ᠵᠢᠶᠦ᠋ᠨ ᠲᠦ᠋ᠯᠤᠭᠡᠯᠡᠭ᠍ᠴᠢᠳ ᠤᠨ ᠶᠠᠷᠢᠶ᠎ᠠ ᠶᠢ ᠬᠢᠨᠠᠮᠭᠠᠢ ᠰᠤᠨᠤᠰᠬᠤ ᠶᠢᠨ ᠬᠠᠮᠳ᠋ᠤ᠂ ᠮᠠᠯ ᠠᠵᠤ ᠠᠬᠤᠢ ᠶᠢᠨ ᠬᠦᠭ᠍ᠵᠢᠯᠳ᠋ᠠ᠂ ᠵᠢᠭᠤᠯᠴᠢᠯᠠᠯ ᠤᠨ ᠤᠢ᠌ᠯᠡᠰ ᠤᠨ ᠬᠦᠭ᠍ᠵᠢᠯᠳ᠋ᠠ ᠪᠠ ᠰᠤᠷᠭᠠᠨ ᠬᠦᠮᠤᠵᠢᠯ ᠠᠵᠤ ᠤᠢ᠌ᠯᠡᠰ ᠤᠨ ᠬᠦᠭ᠍ᠵᠢᠯᠳ᠋ᠠ ᠵᠡᠷᠭᠡ ᠲᠠᠯ᠎ᠠ ᠳ᠋ᠥ ᠪᠤᠳ᠋ᠠᠳ᠋ᠠᠢ ᠱᠠᠭᠠᠷᠳ᠋ᠠᠯᠭ᠎ᠠ ᠲᠤᠷᠠᠳᠪᠠ᠃ (ᠳ᠋ᠠᠢ ᠰᠢᠶᠦ᠋ᠩ)