ᠤᠳᠤ ᠶᠢᠨ ᠪᠠᠢ᠌ᠷᠢ᠄ ᠲᠦᠯᠤᠭᠡᠯᠡᠭᠴᠢ ᠶᠢᠨ ᠭᠡᠷ ᠪᠦᠯᠢ → ᠡᠤ ᠶᠦᠨ ᠪᠦᠸᠸ ᠤᠷᠢᠯᠭ᠎ᠠ ᠪᠡᠷ《2018 ᠤᠨ ᠤ᠁
ᠡᠤ ᠶᠦᠨ ᠪᠦᠸᠸ ᠤᠷᠢᠯᠭ᠎ᠠ ᠪᠡᠷ《2018 ᠤᠨ ᠤ ᠪᠡᠭᠡᠵᠢᠩ ᠤᠨ ᠬᠦᠮᠤᠨ ᠤ ᠡᠷᠭᠡ ᠶᠢᠨ ᠶᠠᠷᠢᠯᠴᠠᠭᠠᠨ ᠤ ᠲᠠᠪᠴᠠᠩ》᠋ ᠳᠤ ᠤᠷᠤᠯᠴᠠᠭᠰᠨᠨ ᠪᠠ ᠶᠠᠷᠢᠶ᠎ᠠ ᠬᠢᠭ᠍ᠰᠡᠡ ᠨᠢ


9 ᠰᠠᠷ᠎ᠠ ᠶᠢᠨ 18᠋ ᠤ ᠡᠳᠤᠷ᠂ ᠲᠤᠮᠳᠠᠳᠤ ᠤᠯᠤᠰ ᠤᠨ ᠬᠦᠮᠤᠨ ᠤ ᠡᠷᠭᠡ ᠶᠢᠨ ᠰᠤᠳᠤᠯᠭᠠᠨ ᠤ ᠨᠡᠢᠭᠡᠮᠯᠢᠭ᠂ ᠲᠤᠮᠳᠠᠳᠤ ᠤᠯᠤᠰ ᠤᠨ ᠬᠦᠮᠤᠨ ᠤ ᠡᠷᠭᠡ ᠶᠢᠨ ᠬᠦᠭᠵᠢᠯᠳᠠ ᠶᠢᠨ ᠰᠠᠭᠤᠷᠢ ᠮᠦᠩᠬᠦᠨ ᠤ ᠨᠡᠢᠭᠡᠮᠯᠢᠭ ᠡᠴᠨ ᠭᠤᠤᠯᠯᠠᠨ ᠡᠷᠬᠢᠯᠡᠭᠰᠡᠡ《2018 ᠤᠨ ᠤ ᠪᠡᠭᠡᠵᠢᠩ ᠤᠨ ᠬᠦᠮᠤᠨ ᠤ ᠡᠷᠭᠡ ᠶᠢᠨ ᠶᠠᠷᠢᠯᠴᠠᠭᠠᠨ ᠤ ᠲᠠᠪᠴᠠᠩ》ᠨᠡᠢᠰᠯᠡᠯ ᠬᠤᠳᠠ ᠶᠢᠨ ᠪᠠᠭᠤᠳᠠᠯ ᠳᠤ ᠶᠠᠪᠤᠭᠳᠠᠪᠠ᠃ ᠪᠦᠬᠦ ᠤᠯᠤᠰ ᠤᠨ ᠠᠷᠠᠳ ᠤᠨ ᠲᠦᠯᠤᠭᠡᠯᠡᠭᠴᠢ᠂ ᠪᠦᠬᠦ ᠤᠯᠤᠰ ᠤᠨ ᠶᠠᠳᠠᠭᠤ ᠡᠴᠨ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠠᠪᠰᠢᠯᠳᠠ ᠶᠢᠨ ᠱᠠᠩᠨᠠᠯ ᠬᠦᠷᠳᠡᠭᠴᠢ᠂ ᠵᠠᠷᠤᠤᠨ ᠬᠤᠰᠢᠭᠤᠨ ᠤ ᠵᠡᠬᠦᠨ ᠰᠠᠯᠠᠭ᠎ᠠ ᠭᠠᠴᠠᠭ᠎ᠠ ᠶᠢᠨ ᠨᠠᠮ ᠤᠨ ᠡᠬᠦᠷ ᠤᠨ ᠱᠦᠵᠢ ᠡᠤ ᠶᠦᠨ ᠪᠦᠸᠸ ᠤᠷᠢᠯᠭ᠎ᠠ ᠪᠡᠷ ᠶᠠᠷᠢᠯᠴᠠᠭᠠᠨ ᠤ ᠬᠤᠷᠠᠯ ᠳᠤ ᠰᠠᠭᠠᠳᠠᠵᠤ ᠶᠠᠷᠢᠶ᠎ᠠ ᠬᠢᠪᠡ᠃ ᠲᠠᠷᠨ ᠪᠤᠯ ᠮᠠᠨ ᠤ ᠤᠷᠤᠨ ᠡᠴᠨ ᠲᠤᠰ ᠤᠳᠠᠭᠠᠨ ᠤ ᠬᠤᠷᠠᠯ ᠳᠤ ᠤᠷᠤᠯᠴᠠᠭᠰᠨᠨ ᠴᠤᠷᠢ ᠶᠢᠨ ᠭᠠᠭᠴᠠ ᠲᠦᠯᠤᠭᠡᠯᠡᠭᠴᠢ ᠪᠤᠯᠤᠨ᠎ᠡ᠃

ᠲᠤᠰ ᠤᠳᠠᠭᠠᠨ ᠤ ᠶᠠᠷᠢᠯᠴᠠᠭ᠎ᠠ ᠨᠢ《ᠶᠠᠳᠠᠭᠤ ᠵᠢ ᠦᠭᠡᠢ᠋ᠰᠭᠡᠨ᠂ ᠶᠠᠳᠠᠭᠤ ᠬᠦᠴᠢᠷᠳᠡᠯ ᠦᠭᠡᠢ᠂ ᠬᠠᠮᠳᠤ ᠪᠡᠷ ᠬᠦᠭᠵᠢᠭ᠍ᠰᠡᠡ ᠬᠦᠮᠤᠨ ᠲᠦᠷᠤᠯᠬᠢᠳᠠᠨ ᠤ ᠬᠤᠪᠢ ᠵᠠᠶᠠᠭᠠᠨ ᠤ ᠨᠢᠭᠡᠳᠤᠮᠠᠯ ᠴᠤᠭᠴᠨ ᠵᠢ ᠬᠠᠮᠳᠤ ᠪᠡᠷ ᠪᠦᠳᠤᠭᠡᠨ ᠪᠠᠢ᠋ᠭᠤᠯᠬᠤ》ᠪᠡᠷ ᠭᠤᠤᠯ ᠰᠡᠳᠤᠪ ᠪᠤᠯᠭᠠᠨ᠂ ᠪᠦᠬᠦ ᠲᠠᠯᠠᠭᠡᠢ ᠶᠢᠨ 50 ᠭᠠᠷᠤᠢ ᠤᠯᠤᠰ᠂ ᠭᠠᠵᠠᠷ ᠤᠷᠤᠨ ᠪᠤᠯᠤᠨ ᠤᠯᠨᠨ ᠤᠯᠤᠰ ᠤᠨ ᠬᠤᠯᠪᠤᠭᠠᠳᠤ ᠪᠠᠢ᠋ᠭᠤᠯᠤᠯᠭ᠎ᠠ ᠵᠡᠷᠭᠡ ᠤᠯᠨᠨ ᠤᠯᠤᠰ ᠤᠨ ᠵᠤᠬᠢᠶᠠᠨ ᠪᠠᠢ᠋ᠭᠤᠯᠤᠯᠳᠠ ᠶᠢᠨ 200 ᠭᠠᠷᠤᠢ ᠬᠦᠮᠤᠨ ᠤ ᠡᠷᠭᠡ ᠶᠢᠨ ᠲᠠᠭᠡᠳᠤ ᠵᠡᠷᠭᠡ ᠶᠢᠨ ᠲᠤᠰᠢᠶᠠᠯᠳᠠᠳ᠂ ᠲᠤᠰᠬᠠᠢ ᠮᠡᠷᠭᠡᠵᠢᠯᠳᠠᠨ ᠡᠷᠳᠡᠮᠳᠡᠨ᠂ ᠲᠤᠮᠳᠠᠳᠤ  ᠳᠤ ᠰᠠᠭᠤᠭ᠎ᠠ ᠡᠯᠴᠢᠨ ᠰᠠᠢᠳ ᠪᠤᠯᠤᠨ ᠬᠠᠮᠢᠶ᠎ᠠ ᠪᠦᠬᠦᠢ ᠪᠠᠢ᠋ᠭᠤᠯᠤᠯᠭ᠎ᠠ ᠶᠢᠨ ᠬᠠᠷᠢᠭᠤᠴᠠᠯᠭᠠᠳᠠᠨ ᠬᠤᠷᠠᠯ ᠳᠤ ᠰᠠᠭᠠᠳᠠᠪᠠ᠃

ᠬᠤᠪᠢᠶᠠᠷᠢ ᠶᠠᠷᠢᠯᠴᠠᠭᠠᠨ ᠳᠤ᠂ ᠡᠤ ᠶᠦᠨ ᠪᠦᠸᠸ ᠦᠪᠡᠷ ᠤᠨ ᠮᠠᠯᠴᠢᠨ ᠠᠢᠯ ᠬᠤᠷᠰᠢᠶᠠᠵᠢᠯ ᠢ ᠪᠦᠳᠤᠭᠡᠨ ᠪᠠᠢ᠋ᠭᠤᠯᠤᠭᠰᠨᠨ ᠬᠠᠳᠠᠭᠤ ᠪᠡᠷᠭᠡᠰᠢᠶᠡᠯᠳᠤ ᠶᠠᠪᠤᠴᠨ ᠪᠠᠨ ᠶᠠᠷᠢᠵᠤ᠂《ᠨᠠᠮ ᠤᠨ ᠡᠬᠦᠷ + ᠬᠤᠷᠰᠢᠶᠠᠵᠢᠯ + ᠰᠠᠭᠤᠷᠢᠨ ᠭᠠᠵᠠᠷ + ᠶᠠᠳᠠᠭᠤ ᠬᠦᠴᠢᠷᠳᠡᠯᠳᠡᠢ ᠡᠷᠤᠭᠡ》ᠵᠡᠷᠭᠡ ᠶᠠᠳᠠᠭᠤ  ᠵᠢ ᠲᠠᠳᠬᠦᠬᠦ ᠵᠠᠭᠪᠤᠷ ᠶᠢᠠᠷ᠂ ᠪᠦᠬᠦ ᠭᠠᠴᠠᠭᠠᠨ ᠤ 207 ᠬᠤᠪᠢ ᠤᠷᠤᠭᠤᠯᠤᠭᠴᠢ ᠡᠷᠤᠭᠡ ᠵᠢ ᠪᠠᠶᠠᠨ ᠴᠢᠨᠡᠭᠡᠯᠢᠭ ᠬᠡᠮᠵᠢᠶᠠᠨ ᠳᠤ ᠬᠦᠷᠭᠡᠬᠦ ᠵᠢᠴᠢ 130 ᠶᠠᠳᠠᠭᠤ ᠬᠦᠴᠢᠷᠳᠠᠢ ᠡᠷᠤᠭᠡ ᠵᠢ ᠬᠠᠪᠰᠤᠷᠤᠨ ᠲᠠᠮᠵᠢᠵᠤ ᠲᠤᠭᠳᠠᠭᠤᠨ ᠶᠢᠠᠷ ᠶᠠᠳᠠᠭᠤ ᠡᠴᠨ ᠠᠩᠬᠢᠵᠢᠷᠠᠭᠤᠯᠤᠭᠰᠨᠨ ᠦᠯᠢᠭᠡᠷ ᠶᠢᠠᠨ ᠶᠠᠷᠢᠵᠤ᠂ ᠶᠠᠳᠠᠭᠤ ᠵᠢ ᠦᠭᠡᠢ᠋ᠰᠭᠡᠨ᠂ ᠬᠠᠮᠳᠤ ᠪᠡᠷ ᠴᠢᠨᠡᠭᠡᠯᠢᠭ ᠨᠡᠢ᠋ᠭᠡᠮ ᠢ ᠪᠦᠳᠤᠭᠡᠨ ᠪᠠᠢ᠋ᠭᠤᠯᠬᠤ ᠵᠢ ᠪᠠᠶᠡᠯᠡᠬᠦᠯᠬᠦ ᠳᠤ ᠬᠦᠮᠤᠨ ᠪᠦᠬᠦᠨ ᠵᠤᠬᠢᠬᠤ ᠬᠤᠪᠢ ᠨᠡᠮᠡᠷᠢ ᠪᠠᠨ ᠦᠵᠡᠬᠦᠯᠤᠶ᠎ᠠ ᠭᠡᠵᠡᠢ᠃


ᠡᠮᠦᠨᠡᠬᠢ᠄ ᠲᠦᠯᠤᠭᠡᠯᠡᠭᠴᠢ ᠶᠢᠨ ᠴᠤᠭ ᠵᠢᠪᠬᠤᠭ᠎ᠠ
ᠳᠠᠷᠠᠭᠠᠬᠢ᠄ ᠮᠢᠨᠤ ᠮᠦᠷᠤᠨ ᠳᠡᠭᠡᠨ ᠡᠬᠦᠷᠭᠡᠯᠡᠵᠤ ᠶᠠᠪᠤᠭ᠎ᠠ ᠪᠤᠯ ᠮᠠᠯᠴᠢᠨ ᠲᠦᠮᠨᠨ ᠤ ᠴᠢᠨᠡᠭᠡᠯᠢᠭ᠍ᠵᠢᠯ ᠤᠨ ᠵᠡᠬᠦᠳᠤ ᠮᠦᠨ ᠎——ᠡᠤ ᠶᠦᠨ ᠪᠦᠸᠸ