ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠤᠳ᠋ᠤᠷᠢᠳᠬᠤ ᠲᠤᠭᠤᠢ᠌ᠯᠠᠩ ᠤᠨ ᠤᠨᠤᠯ ᠤᠨ ᠰᠤᠷᠤᠯᠴᠠᠯᠭ᠎ᠠ ᠶᠢᠨ ᠭᠤᠤᠯ ᠲᠤᠭᠤᠢ᠌ᠯᠠᠩ ᠤᠨ ᠲᠤᠰᠬᠠᠢ ᠰᠡᠳ᠋ᠦᠪᠳ᠋ᠦ ᠰᠤᠳ᠋ᠤᠯᠤᠨ ᠶᠠᠷᠢᠯᠴᠠᠬᠤ ᠬᠤᠷᠠᠯ ᠬᠤᠷᠠᠯᠳ᠋ᠤᠪᠠ

4 ᠰᠠᠷ᠎ᠠ ᠶᠢᠨ 28 ᠤ ᠡᠳ᠋ᠦᠷ ᠤᠨ ᠦᠳ᠋ᠡ ᠶᠢᠨ ᠬᠤᠢ᠌ᠨ᠎ᠠ᠂ ᠬᠤᠰᠢᠭᠤᠨ ᠤ ᠨᠠᠮ ᠤᠨ ᠬᠤᠷᠢᠶᠠᠨ ᠤ ᠬᠠᠮᠢᠶ᠎ᠠ ᠪᠦᠬᠦᠢ ᠪᠢᠴᠢᠭ᠌ ᠮᠠᠲ᠋ᠸᠷᠢᠶᠠᠯ ᠤᠨ ᠱᠠᠭᠠᠷᠳ᠋ᠠᠯᠭ᠎ᠠ ᠶᠤᠰᠤᠭᠠᠷ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠤᠳ᠋ᠤᠷᠢᠳᠬᠤ ᠲᠤᠭᠤᠢ᠌ᠯᠠᠩ ᠤᠨ ᠤᠨᠤᠯ ᠤᠨ ᠰᠤᠷᠤᠯᠴᠠᠯᠭ᠎ᠠ ᠶᠢᠨ ᠭᠤᠤᠯ ᠲᠤᠭᠤᠢ᠌ᠯᠠᠩ ᠤᠨ ᠲᠤᠰᠬᠠᠢ ᠰᠡᠳ᠋ᠦᠪᠳ᠋ᠦ ᠰᠤᠳ᠋ᠤᠯᠤᠨ ᠶᠠᠷᠢᠯᠴᠠᠬᠤ ᠬᠤᠷᠠᠯ ᠬᠤᠷᠠᠯᠳ᠋ᠤᠪᠠ᠃ ᠬᠤᠷᠠᠯ ᠢ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠤᠳ᠋ᠤᠷᠢᠳᠬᠤ ᠲᠤᠭᠤᠢ᠌ᠯᠠᠩ ᠤᠨ ᠱᠦ᠋ᠵᠢ ᠯᠢ ᠴᠸᠩ ᠭᠦᠸᠸ ᠡᠷᠬᠢᠯᠡᠨ᠂ ᠪᠠᠢ᠌ᠭᠤᠯᠭ᠎ᠠ ᠶᠢᠨ ᠨᠠᠮ ᠤᠨ ᠤᠳ᠋ᠤᠷᠢᠳᠬᠤ ᠲᠤᠭᠤᠢ᠌ᠯᠠᠩ ᠤᠨ ᠭᠡᠰᠢᠭᠦᠳ ᠬᠤᠷᠠᠯ ᠳᠤ ᠤᠷᠤᠯᠴᠠᠪᠠ᠃

ᠬᠤᠷᠠᠯ ᠲᠡᠭᠡᠷ᠎ᠠ᠂ ᠯᠢ ᠴᠸᠩ ᠭᠦᠸᠸ ᠡᠴᠡ ᠶᠡᠷᠦᠩᠬᠡᠢ ᠱᠦ᠋ᠵᠢ ᠰᠢ ᠵᠢᠨ ᠫᠢᠩ ᠤᠨ ᠨᠠᠮ ᠤᠨ ᠲᠤᠳ᠋ᠤᠭᠠᠳ᠋ᠤ ᠶᠢᠨ ᠤᠯᠤᠰ ᠲᠦ᠋ᠷᠦ ᠶᠢᠨ ᠠᠮᠢᠳ᠋ᠤᠷᠠᠯ ᠢ ᠴᠢᠩᠭ᠋ᠠᠳᠬᠠᠬᠤ ᠲᠤᠬᠠᠢ ᠴᠢᠬᠤᠯᠠ ᠦᠭᠦᠯᠡᠯᠳ᠋ᠡ᠂ ᠰᠢ ᠵᠢᠨ ᠫᠢᠩ ᠤᠨ ᠦᠪᠦᠷ ᠮᠤᠩᠭ᠋ᠤᠯ ᠤᠨ ᠲᠤᠬᠠᠢ ᠴᠢᠬᠤᠯᠠ ᠴᠤᠬᠤᠯᠠᠪᠤᠷᠢ ᠵᠢᠭᠠᠪᠤᠷᠢ ᠶᠢᠨ ᠵᠤᠷᠢᠭ ᠰᠠᠨᠠᠭ᠎ᠠ᠂ ᠶᠡᠷᠦᠩᠬᠡᠢ ᠱᠦ᠋ᠵᠢ ᠰᠢ ᠵᠢᠨ ᠫᠢᠩ ᠤᠨ ᠠᠷᠢᠭᠤᠨ ᠴᠢᠭᠡᠴᠢ ᠰᠤᠶᠤᠯ ᠤᠨ ᠪᠠᠢ᠌ᠭᠤᠯᠤᠯᠳ᠋ᠠ ᠶᠢᠨ ᠲᠤᠬᠠᠢ ᠴᠢᠬᠤᠯᠠ ᠦᠭᠦᠯᠡᠯᠳ᠋ᠡ᠂ 《ᠰᠢᠨ᠎ᠠ ᠪᠠᠢ᠌ᠳ᠋ᠠᠯ ᠲᠤᠤᠷᠠᠬᠢ ᠨᠠᠮ ᠤᠨ ᠲᠤᠳ᠋ᠤᠭᠠᠳ᠋ᠤ ᠶᠢᠨ ᠤᠯᠤᠰ ᠲᠦ᠋ᠷᠦ ᠶᠢᠨ ᠠᠮᠢᠳ᠋ᠤᠷᠠᠯ ᠤᠨ ᠲᠤᠬᠠᠢ ᠪᠠᠷᠢᠮᠵᠢᠶ᠎ᠠ ᠨᠤᠭᠤᠳ》᠂ 《ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠰᠠᠬᠢᠯᠭ᠎ᠠ ᠪᠠᠳ᠋ᠤ ᠶᠢᠨ ᠰᠢᠳᠭᠡᠯ ᠦᠭᠬᠦ ᠲᠦ᠋ᠷᠢᠮ》 《ᠰᠢ ᠵᠢᠨ ᠫᠢᠩ ᠤᠨ ᠭᠡᠷ ᠪᠦᠯᠢ ᠶᠢᠨ ᠬᠦᠮᠦᠵᠢᠯ ᠰᠤᠷᠳ᠋ᠠᠯ ᠤᠨ ᠪᠠᠢ᠌ᠭᠤᠯᠤᠯᠳ᠋ᠠ ᠶᠢ ᠴᠢᠬᠤᠯᠠᠴᠢᠯᠠᠬᠤ ᠲᠤᠬᠠᠢ ᠦᠭᠦᠯᠡᠯᠳ᠋ᠡ ᠶᠢᠨ ᠲᠡᠭᠦᠪᠦᠷᠢ》 ᠵᠡᠷᠭᠡ ᠠᠭᠤᠯᠭ᠎ᠠ ᠶᠢ ᠤᠯᠠᠮᠵᠢᠯᠡᠨ ᠰᠤᠷᠤᠯᠴᠠᠵᠤ᠂ ᠪᠠᠢ᠌ᠭᠤᠯᠭ᠎ᠠ ᠶᠢᠨ ᠨᠠᠮ ᠤᠨ ᠤᠳ᠋ᠤᠷᠢᠳᠬᠤ ᠲᠤᠭᠤᠢ᠌ᠯᠠᠩ ᠤᠨ ᠭᠡᠰᠢᠭᠦᠳ ᠬᠤᠷᠠᠯ ᠤᠨ ᠭᠤᠤᠯ ᠰᠡᠳ᠋ᠦᠪ ᠤᠨ ᠲᠤᠭᠤᠷᠢᠨ ᠳᠤ ᠲᠤᠰ ᠲᠤᠰ ᠰᠤᠳ᠋ᠤᠯᠤᠨ ᠶᠠᠷᠢᠯᠴᠠᠵᠤ ᠬᠠᠷᠢᠭᠤ ᠮᠡᠳ᠋ᠡᠭᠦᠯᠦᠯᠳ᠋ᠡ ᠬᠢᠪᠠ᠃ (ᠨᠠᠢ᠌ᠷᠠᠭᠤᠯᠤᠭᠴᠢ᠄ ᠯᠸᠢ ᠫᠠᠩ)