ᠵᠠᠷᠤᠳ ᠬᠤᠰᠢᠭᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ ᠨᠤᠮᠢᠨᠳ᠋ᠠᠯᠠᠢ ᠲᠦ᠋ᠯᠦᠭᠡᠯᠡᠭ᠍ᠴᠢ ᠶᠢᠨ ᠬᠦᠳ᠋ᠦᠯᠦᠨ ᠲᠠᠭᠠᠭᠤᠯᠬᠤ ᠦᠢᠯᠡᠳ᠋ᠦᠯ ᠢ ᠪᠠᠳ᠋ᠠᠷᠠᠭᠤᠯᠵᠤ ᠬᠦᠳ᠋ᠡᠭᠡ ᠲᠤᠰᠬᠤᠨ ᠤ ᠪᠠᠶᠠᠵᠢᠨ ᠴᠢᠨᠡᠭᠡᠯᠢᠭ᠍ᠵᠢᠬᠦ ᠵᠠᠮ ᠢ ᠦᠷᠭᠡᠳᠭᠡᠵᠦ ᠪᠠᠢ᠌ᠭ᠎ᠠ

ᠲᠦ᠋ᠯᠦᠭᠡᠯᠡᠭ᠍ᠴᠢ ᠨᠤᠮᠢᠨᠳ᠋ᠠᠯᠠᠢ ᠪᠤᠯ ᠲᠦ᠋ᠩᠯᠢᠶᠤᠤ ᠬᠤᠳ᠋ᠠ ᠶᠢᠨ ᠵᠠᠷᠤᠳ ᠬᠤᠰᠢᠭᠤᠨ ᠤ ᠦᠯᠵᠡᠢ᠌ᠮᠦ᠋ᠷᠡᠨ ᠰᠤᠮᠤ ᠶᠢᠨ ᠪᠤᠯᠠᠭ ᠭᠠᠴᠠᠭᠠᠨ ᠤ ᠮᠠᠯᠴᠢᠨ᠂ 2022 ᠤᠨ ᠳᠤ ᠵᠠᠷᠤᠳ ᠬᠤᠰᠢᠭᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ ᠪᠠᠷ ᠰᠤᠩᠭ᠋ᠤᠭᠳ᠋ᠠᠭᠰᠠᠨ ᠡᠴᠡ ᠨᠠᠰᠢ᠂ ᠲᠡᠷᠡ ᠴᠠᠭ ᠢᠮᠠᠭᠳ᠋ᠠ 《ᠠᠷᠠᠳ ᠲᠦ᠋ᠮᠡᠨ ᠨᠠᠳ᠋ᠠ ᠶᠢ ᠲᠦ᠋ᠯᠦᠭᠡᠯᠡᠭ᠍ᠴᠢ ᠪᠠᠷ ᠰᠤᠩᠭ᠋ᠤᠵᠤ᠂ ᠪᠢ ᠠᠷᠠᠳ ᠲᠦ᠋ᠮᠡᠨ ᠤ ᠲᠦ᠋ᠯᠦᠭᠡ ᠲᠦ᠋ᠯᠦᠭᠡᠯᠡᠭ᠍ᠴᠢ ᠪᠤᠯᠤᠨ᠎ᠠ》ᠭᠡᠬᠦ ᠠᠮᠠᠯᠠᠯᠳ᠋ᠠ ᠪᠠᠨ ᠪᠠᠳ᠋ᠤ ᠰᠠᠬᠢᠵᠤ᠂ ᠠᠷᠠᠳ ᠤᠨ ᠪᠠᠢ᠌ᠳ᠋ᠠᠯ᠂ ᠠᠷᠠᠳ ᠤᠨ ᠵᠤᠪᠠᠨᠢᠯ ᠢ ᠲᠤᠭᠤᠷᠢᠨ ᠤᠢ᠌ᠯᠠᠭᠠᠵᠤ᠂ ᠠᠷᠠᠳ ᠤᠨ ᠰᠠᠨᠠᠭ᠎ᠠ ᠶᠢ ᠲᠤᠰᠬᠠᠨ᠂ ᠠᠷᠠᠳ ᠤᠨ ᠲᠦ᠋ᠯᠦᠭᠡᠯᠡᠭ᠍ᠴᠢ ᠶᠢᠨ ᠬᠦᠳ᠋ᠦᠯᠦᠨ ᠲᠠᠭᠠᠭᠤᠯᠬᠤ ᠦᠢᠯᠡᠳ᠋ᠦᠯ ᠢ ᠭᠦᠢᠴᠡᠳ ᠪᠠᠳ᠋ᠠᠷᠠᠭᠤᠯᠵᠤ᠂ ᠪᠤᠳ᠋ᠠᠳ᠋ᠤ ᠦᠢᠯᠡ ᠠᠵᠢᠯᠯᠠᠭ᠎ᠠ ᠪᠠᠷ ᠶᠢᠡᠨ ᠨᠡᠢ᠌ᠭᠡᠮ ᠪᠠ ᠤᠯᠠᠨ ᠲᠦ᠋ᠮᠡᠨ ᠤ ᠦᠷᠭᠡᠨ ᠲᠡᠯᠭᠡᠷ ᠮᠠᠭᠳ᠋ᠠᠭᠠᠯ ᠰᠠᠢ᠌ᠰᠢᠶᠠᠯ ᠢ ᠤᠯᠤᠭᠰᠠᠨ ᠪᠠᠢ᠌ᠨ᠎ᠠ᠃
ᠨᠤᠮᠢᠨᠳ᠋ᠠᠯᠠᠢ ᠤᠷᠢᠳ ᠬᠤᠵᠢᠳ ᠤᠳ᠋ᠤ ᠦᠶ᠎ᠠ ᠶᠢᠨ ᠮᠠᠯ ᠠᠵᠤ ᠠᠬᠤᠢ ᠶᠢᠨ ᠬᠦᠭ᠍ᠵᠢᠯᠳ᠋ᠡ ᠶᠢ ᠲᠦ᠋ᠷᠭᠡᠳᠭᠡᠨ ᠠᠬᠢᠭᠤᠯᠬᠤ᠂ ᠮᠠᠯᠴᠢᠨ ᠲᠠᠷᠢᠶᠠᠴᠢᠳ ᠤᠨ ᠤᠷᠤᠯᠭ᠎ᠠ ᠶᠢ ᠨᠡᠮᠡᠭ᠍ᠳ᠋ᠡᠭᠦᠯᠬᠦ ᠲᠤᠬᠠᠢ ᠰᠠᠨᠠᠭᠤᠯᠭ᠎ᠠ᠂ ᠡᠪᠡᠰᠦ ᠪᠡᠯᠴᠢᠭᠡᠷ ᠶᠢᠡᠷ ᠮᠠᠯ ᠰᠦ᠋ᠷᠦᠭ᠌ ᠢ ᠲᠤᠭᠳ᠋ᠠᠭᠠᠬᠤ᠂ ᠦᠷ᠎ᠠ ᠠᠰᠢᠭ ᠢ ᠨᠡᠮᠡᠭ᠍ᠳ᠋ᠡᠭᠦᠯᠬᠦ᠂ ᠤᠳ᠋ᠤ ᠦᠶ᠎ᠠ ᠶᠢᠨ ᠠᠮᠢ ᠠᠬᠤᠢ ᠶᠢᠨ ᠭᠡᠷ ᠪᠦᠯᠢ ᠶᠢᠨ ᠮᠠᠯᠵᠢᠯ ᠤᠨ ᠲᠠᠯᠠᠪᠠᠢ ᠪᠠ ᠲᠤᠰᠬᠠᠢ ᠬᠤᠷᠰᠢᠶᠠᠵᠢᠯ ᠪᠠᠷ ᠭᠤᠤᠯ ᠪᠤᠯᠭᠠᠭᠰᠠᠨ ᠮᠠᠯ ᠠᠵᠤ ᠠᠬᠤᠢ ᠶᠢᠨ ᠬᠦᠭ᠍ᠵᠢᠯᠳ᠋ᠡ ᠶᠢ ᠠᠬᠢᠭᠤᠯᠬᠤ ᠲᠤᠬᠠᠢ ᠰᠠᠨᠠᠭᠤᠯᠭ᠎ᠠ ᠵᠡᠷᠭᠡ ᠶᠢ ᠲᠤᠷᠠᠳ᠋ᠤᠨ ᠭᠠᠷᠭᠠᠵᠠᠢ᠃
ᠨᠤᠮᠢᠨᠳ᠋ᠠᠯᠠᠢ ᠰᠢᠮᠸᠨᠳᠠᠷ ᠦᠬᠡᠷ ᠢ 20 ᠵᠢᠯ ᠲᠡᠵᠢᠭᠡᠨ᠂ ᠭᠡᠷ ᠪᠦᠯᠢ ᠶᠢᠨ ᠮᠠᠯᠵᠢᠯ ᠤᠨ ᠲᠠᠯᠠᠪᠠᠢ ᠶᠢ ᠡᠬᠢᠯᠡᠨ ᠪᠠᠢ᠌ᠭᠤᠯᠵᠤ᠂ ᠦᠢᠯᠡᠳ᠋ᠦᠯᠭᠡ ᠶᠢᠨ ᠲᠤᠮᠳ᠋ᠠ ᠠᠮᠢ ᠠᠬᠤᠢ ᠶᠢᠨ ᠬᠠᠮᠠᠭᠠᠯᠠᠯᠳ᠋ᠠ ᠬᠢᠭᠡᠳ ᠮᠠᠯ ᠠᠵᠤ ᠠᠬᠤᠢ ᠶᠢᠨ ᠦᠢᠯᠡᠳᠪᠦᠷᠢᠯᠡᠯ ᠡᠵᠡᠩᠨᠡᠯᠳ᠋ᠡ ᠠᠭᠤᠰᠤᠯᠴᠠᠭᠰᠠᠨ ᠰᠢᠨ᠎ᠠ ᠬᠡᠯᠪᠡᠷᠢ ᠶᠢᠨ ᠮᠠᠯ ᠠᠵᠤ ᠠᠬᠤᠢ ᠶᠢᠨ ᠵᠠᠮ ᠢ ᠬᠠᠢ᠌ᠨ ᠰᠦ᠋ᠪᠡᠭ᠍ᠴᠢᠯᠡᠪᠡ᠃ 《ᠪᠦᠬᠦᠨ ᠢ ᠬᠠᠰᠢᠶᠠᠯᠡᠨ ᠲᠡᠵᠢᠭᠡᠵᠦ᠂ ᠪᠦᠬᠦᠨ ᠢ ᠢᠴᠡᠭᠡᠯ ᠦᠷ᠎ᠠ ᠶᠢᠨ ᠬᠡᠭᠡᠯᠳ᠋ᠦᠭᠦᠯᠭᠡ ᠬᠢᠭᠦ》ᠠᠷᠭ᠎ᠠ ᠪᠠᠷ᠂ ᠪᠦᠬᠦ ᠭᠠᠴᠠᠭ᠎ᠠ ᠵᠢᠴᠢ ᠴᠠᠭᠠᠨᠨᠠᠭᠤᠷ ᠭᠠᠴᠠᠭᠠᠨ ᠤ 322 ᠲᠡᠵᠢᠭᠡᠨ ᠦᠷᠡᠵᠢᠭᠦᠯᠬᠦ ᠡᠷᠦᠭᠡ ᠶᠢ ᠲᠠᠭᠠᠭᠤᠯᠤᠨ 5000 ᠲᠤᠯᠤᠭᠠᠢ ᠦᠬᠡᠷ ᠤᠨ ᠡᠭᠦᠯᠳ᠋ᠡᠷ ᠢ ᠰᠠᠢ᠌ᠵᠢᠷᠠᠭᠤᠯᠵᠤ᠂ ᠤᠯᠠᠮᠵᠢᠯᠠᠯᠳ᠋ᠤ ᠮᠠᠯ ᠠᠵᠤ ᠠᠬᠤᠢ ᠶᠢᠨ ᠦᠢᠯᠡᠳᠪᠦᠷᠢᠯᠡᠯ ᠡᠵᠡᠩᠨᠡᠯᠳ᠋ᠡ ᠶᠢᠨ ᠬᠡᠯᠪᠡᠷᠢ ᠶᠢ ᠢᠳ᠋ᠡᠪᠬᠢᠳ᠋ᠠᠢ ᠬᠤᠪᠢᠷᠠᠭᠤᠯᠤᠨ᠂ ᠭᠠᠭᠴᠠ ᠲᠤᠯᠤᠭᠠᠢ ᠦᠭᠡᠷ ᠤᠨ ᠤᠷᠤᠯᠭ᠎ᠠ ᠶᠢ 3000 ᠲᠦ᠋ᠭᠦᠷᠢᠭ᠌ ᠢᠯᠡᠭᠦᠦ ᠨᠡᠮᠡᠭ᠍ᠳ᠋ᠡᠭᠦᠯᠬᠦ ᠬᠠᠷᠠᠯᠳ᠋ᠠ ᠶᠢ ᠪᠡᠶᠡᠯᠡᠭᠦᠯᠵᠦ᠂ ᠮᠠᠯ ᠠᠵᠤ ᠠᠬᠤᠢ ᠶᠢᠨ ᠰᠢᠨ᠎ᠠ ᠵᠠᠮ ᠢ ᠨᠡᠬᠡᠭᠡᠪᠡ᠃ ᠨᠤᠮᠢᠨᠳ᠋ᠠᠯᠠᠢ ᠶᠢᠨ ᠲᠠᠰᠤᠷᠠᠯᠳ᠋ᠠ ᠦᠭᠡᠷ ᠴᠢᠷᠮᠠᠢ᠌ᠯᠠᠭ᠎ᠠ ᠲᠤᠤᠷ᠎ᠠ᠂ ᠪᠤᠯᠠᠭ ᠭᠠᠴᠠᠭ᠎ᠠ ᠤᠳ᠋ᠤ ᠨᠢᠭᠡᠨᠳ᠋ᠡ ᠬᠤᠯᠠ ᠤᠢ᠌ᠷ᠎ᠠ ᠳᠤ ᠠᠯᠳ᠋ᠠᠷᠰᠢᠭᠰᠠᠨ 《ᠦᠬᠡᠷ》 ᠤᠨ ᠭᠠᠴᠠᠭ᠎ᠠ ᠪᠤᠯᠵᠤ᠂ ᠦᠬᠡᠷ ᠲᠡᠵᠢᠭᠡᠬᠦ ᠡᠷᠦᠭᠡ 70% ᠶᠢ ᠲᠠᠪᠠᠵᠤ᠂ ᠬᠦᠮᠦᠨ ᠪᠦᠷᠢ ᠳᠤ 7.4 ᠲᠤᠯᠤᠭᠠᠢ ᠦᠬᠡᠷ ᠨᠤᠭᠳ᠋ᠠᠨ᠂ ᠪᠤᠯᠠᠭ ᠭᠠᠴᠠᠭᠠᠨ ᠤ ᠬᠦᠮᠦᠨ ᠪᠦᠷᠢ ᠶᠢᠨ ᠤᠷᠤᠯᠭ᠎ᠠ 21380 ᠲᠦ᠋ᠭᠦᠷᠢᠭ᠌ ᠳ᠋ᠦ ᠬᠦᠷᠪᠡ᠃ (ᠨᠠᠢ᠌ᠷᠠᠭᠤᠯᠤᠭᠴᠢ᠄ ᠯᠸᠢ ᠫᠠᠩ)