ᠵᠢᠷᠦᠬᠡ ᠪᠠᠯᠭᠠᠰᠤ ᠠᠷᠠᠳ ᠤᠨ ᠲᠦ᠋ᠯᠦᠭᠡᠯᠡᠭ᠍ᠴᠢᠳ ᠢ ᠵᠤᠬᠢᠶᠠᠨ ᠪᠠᠢ᠌ᠭᠤᠯᠵᠤ ᠲᠤᠭᠤᠷᠢᠨ ᠪᠠᠢ᠌ᠴᠠᠭᠠᠵᠤ ᠰᠤᠳ᠋ᠤᠯᠬᠤ ᠠᠵᠢᠯᠯᠠᠭ᠎ᠠ ᠦᠷᠨᠢᠭᠦᠯᠪᠡ

7 ᠰᠠᠷ᠎ᠠ ᠶᠢᠨ 22 ᠤ ᠡᠳ᠋ᠦᠷ᠂ ᠵᠢᠷᠦᠬᠡ ᠪᠠᠯᠭᠠᠰᠤ ᠬᠤᠰᠢᠭᠤ ᠪᠠᠯᠭᠠᠰᠤ ᠬᠤᠶᠠᠷ ᠱᠠᠳ᠋ᠤᠨ ᠤ ᠠᠷᠠᠳ ᠤᠨ ᠲᠦ᠋ᠯᠦᠭᠡᠯᠡᠭ᠍ᠴᠢᠳ ᠢ ᠵᠤᠬᠢᠶᠠᠨ ᠪᠠᠢ᠌ᠭᠤᠯᠵᠤ ᠲᠦ᠋ᠪᠯᠡᠷᠡᠭᠦᠯᠦᠨ ᠲᠤᠭᠤᠷᠢᠨ ᠪᠠᠢ᠌ᠴᠠᠭᠠᠵᠤ ᠰᠤᠳ᠋ᠤᠯᠬᠤ ᠠᠵᠢᠯᠯᠠᠭ᠎ᠠ ᠦᠷᠨᠢᠭᠦᠯᠪᠡ᠃
ᠲᠤᠭᠤᠷᠢᠨ ᠪᠠᠢ᠌ᠴᠠᠭᠠᠬᠤ ᠲᠤᠭᠤᠢ᠌ᠯᠠᠩ ᠤᠨ ᠬᠢᠨ ᠤᠷᠢᠳ ᠬᠤᠵᠢᠳ ᠵᠢᠷᠦᠬᠡ ᠲᠤᠰᠬᠤᠨ ᠤ ᠠᠷᠠᠳ ᠤᠨ ᠲᠦ᠋ᠯᠦᠭᠡᠯᠡᠭ᠍ᠴᠢᠳ ᠤᠨ ᠬᠦᠳ᠋ᠡᠯᠭᠡᠭᠡᠨ ᠤ ᠦᠷᠳ᠋ᠡᠭᠡ᠂ ᠵᠠᠷᠤᠳ ᠬᠤᠰᠢᠭᠤᠨ ᠤ ᠪᠠᠢ ᠱᠦ᠋ᠨ ᠲᠡᠵᠢᠭᠡᠨ ᠦᠷᠡᠵᠢᠭᠦᠯᠬᠦ ᠲᠤᠰᠬᠠᠢ ᠬᠤᠷᠰᠢᠶᠠᠵᠢᠯ᠂ ᠦᠨᠳ᠋ᠦᠰᠦᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢᠳ ᠤᠨ ᠬᠦᠳ᠋ᠡᠯᠭᠡᠭᠡᠨ ᠤ ᠲᠠᠯᠠᠪᠤᠷ ᠤᠨ ᠪᠦᠳ᠋ᠦᠭᠡᠨ ᠪᠠᠢ᠌ᠭᠤᠯᠤᠯᠳ᠋ᠠ ᠶᠢᠨ ᠪᠠᠢ᠌ᠳ᠋ᠠᠯ᠂ ᠪᠦᠬᠦ ᠪᠠᠯᠭᠠᠰᠤᠨ ᠤ ᠦᠬᠡᠷ ᠤᠨ ᠠᠵᠤ ᠦᠢᠯᠡᠰ ᠤᠨ ᠬᠦᠭ᠍ᠵᠢᠯᠳ᠋ᠡ ᠵᠢᠴᠢ ᠲᠠᠷᠠᠭᠠᠴᠢ ᠶᠢᠨ ᠠᠯᠬᠤᠮ ᠤᠨ ᠬᠦᠭ᠍ᠵᠢᠯᠳ᠋ᠡ ᠵᠡᠷᠭᠡ ᠲᠠᠯ᠎ᠠ ᠪᠠᠷ ᠭᠦᠨᠵᠡᠭᠡᠢ ᠲᠤᠭᠤᠷᠢᠨ ᠪᠠᠢ᠌ᠴᠠᠭᠠᠵᠤ ᠰᠤᠳ᠋ᠤᠯᠪᠠ᠃ (ᠨᠠᠢ᠌ᠷᠠᠭᠤᠯᠤᠭᠴᠢ᠄ ᠯᠸᠢ ᠫᠠᠩ)