ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠤᠨ ᠬᠤᠭᠤᠴᠠᠭ᠎ᠠ ᠰᠤᠯᠢᠬᠤ ᠠᠵᠢᠯ ᠤᠨ ᠲᠠᠢ᠌ᠴᠢᠯᠠᠯᠳ᠋ᠠ ᠶᠢᠨ ᠬᠤᠷᠠᠯ ᠬᠤᠷᠠᠯᠳ᠋ᠤᠪᠠ

9 ᠰᠠᠷ᠎ᠠ ᠶᠢᠨ 22 ᠤ ᠡᠳ᠋ᠦᠷ ᠤᠨ ᠦᠳ᠋ᠡ ᠶᠢᠨ ᠬᠤᠢ᠌ᠨ᠎ᠠ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠤᠨ ᠬᠤᠭᠤᠴᠠᠭ᠎ᠠ ᠰᠤᠯᠢᠬᠤ ᠠᠵᠢᠯ ᠤᠨ ᠲᠠᠢ᠌ᠴᠢᠯᠠᠯᠳ᠋ᠠ ᠶᠢᠨ ᠬᠤᠷᠠᠯ ᠬᠤᠷᠠᠯᠳ᠋ᠤᠨ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠤᠨ ᠬᠤᠭᠤᠴᠠᠭ᠎ᠠ ᠰᠤᠯᠢᠬᠤ ᠰᠤᠩᠭ᠋ᠤᠭᠤᠯᠢ ᠶᠢᠨ ᠠᠵᠢᠯ ᠢ ᠪᠦᠬᠦ ᠲᠠᠯ᠎ᠠ ᠪᠠᠷ ᠪᠠᠢ᠌ᠷᠢᠯᠠᠭᠤᠯᠵᠤ᠂ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠪᠦᠬᠦ ᠨᠠᠮ ᠤᠨ ᠭᠡᠰᠢᠭᠦᠨ ᠺᠠᠳ᠋ᠷᠴᠤᠳ ᠬᠤᠷᠠᠯ ᠳᠤ ᠤᠷᠤᠯᠴᠠᠪᠠ᠃ ᠬᠤᠷᠠᠯ ᠢ ᠪᠠᠢ᠌ᠭᠤᠯᠭ᠎ᠠ ᠶᠢᠨ ᠨᠠᠮ ᠤᠨ ᠡᠭᠦᠷ ᠤᠨ ᠱᠦ᠋ᠵᠢ ᠯᠢ ᠴᠸᠩ ᠭᠦᠸᠸ ᠡᠷᠬᠢᠯᠡᠪᠡ᠃
ᠬᠤᠷᠠᠯ ᠲᠡᠭᠡᠷ᠎ᠠ᠂ ᠯᠢ ᠴᠸᠩ ᠭᠦᠸᠸ ᠬᠤᠷᠠᠯ ᠳᠤ ᠤᠷᠤᠯᠴᠠᠭᠰᠠᠨ ᠪᠦᠬᠦᠳ᠋ᠡ ᠬᠦᠮᠦᠰ ᠢ ᠵᠤᠬᠢᠶᠠᠨ ᠪᠠᠢ᠌ᠭᠤᠯᠵᠤ 《ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠨᠠᠮ ᠪᠠ ᠲᠦ᠋ᠷᠦ ᠶᠢᠨ ᠪᠠᠢ᠌ᠭᠤᠯᠭ᠎ᠠ ᠶᠢᠨ ᠦᠨᠳ᠋ᠦᠰᠦᠨ ᠱᠠᠳ᠋ᠤᠨ ᠤ ᠵᠤᠬᠢᠶᠠᠨ ᠪᠠᠢ᠌ᠭᠤᠯᠤᠯᠳ᠋ᠠ ᠶᠢᠨ ᠠᠵᠢᠯ ᠤᠨ ᠲᠦ᠋ᠷᠢᠮ》 《ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠦᠨᠳ᠋ᠦᠰᠦᠨ ᠱᠠᠳ᠋ᠤᠨ ᠤ ᠵᠤᠬᠢᠶᠠᠨ ᠪᠠᠢ᠌ᠭᠤᠯᠤᠯᠳ᠋ᠠ ᠶᠢᠨ ᠰᠤᠩᠭ᠋ᠤᠭᠤᠯᠢ ᠶᠢᠨ ᠠᠵᠢᠯ ᠤᠨ ᠲᠦ᠋ᠷᠢᠮ》 ᠵᠡᠷᠭᠡ ᠨᠠᠮ ᠤᠨ ᠲᠤᠳ᠋ᠤᠭᠠᠳ᠋ᠤ ᠶᠢᠨ ᠬᠤᠯᠪᠤᠭᠳ᠋ᠠᠯ ᠪᠦᠬᠦᠢ ᠲᠤᠭᠳ᠋ᠠᠭᠠᠯ ᠢ ᠬᠠᠮᠳ᠋ᠤ ᠪᠠᠷ ᠰᠤᠷᠤᠯᠴᠠᠭᠰᠠᠨ ᠤ ᠬᠠᠮᠳ᠋ᠤ ᠬᠤᠭᠤᠴᠠᠭ᠎ᠠ ᠰᠤᠯᠢᠬᠤ ᠶᠢᠨ ᠵᠤᠷᠢᠯᠭ᠎ᠠ ᠠᠴᠢ ᠬᠤᠯᠪᠤᠭᠳ᠋ᠠᠯ᠂ ᠠᠷᠭ᠎ᠠ ᠲᠡᠰ ᠲᠠᠷᠠᠭᠠᠯᠠᠯ ᠪᠠ ᠬᠠᠮᠢᠶ᠎ᠠ ᠪᠦᠬᠦᠢ ᠰᠠᠬᠢᠯᠭ᠎ᠠ ᠪᠠᠳ᠋ᠤ ᠶᠢᠨ ᠱᠠᠭᠠᠷᠳ᠋ᠠᠯᠭ᠎ᠠ ᠶᠢ ᠲᠠᠢ᠌ᠯᠪᠤᠷᠢᠯᠠᠪᠠ᠃
ᠯᠢ ᠴᠸᠩ ᠭᠦᠸᠸ ᠡᠴᠡ᠂ ᠨᠠᠮ ᠤᠨ ᠡᠭᠦᠷ ᠤᠨ ᠬᠤᠭᠤᠴᠠᠭ᠎ᠠ ᠰᠤᠯᠢᠬᠤ ᠠᠵᠢᠯ ᠪᠦᠬᠦ ᠲᠠᠯ᠎ᠠ ᠳᠤ ᠬᠤᠯᠪᠤᠭᠳ᠋ᠠᠵᠤ᠂ ᠬᠠᠷᠢᠭᠤᠴᠠᠯᠭ᠎ᠠ ᠬᠦᠨᠳ᠋ᠦ ᠶᠡᠬᠡ ᠪᠠᠢ᠌ᠨ᠎ᠠ᠃ ᠨᠠᠮ ᠤᠨ ᠡᠭᠦᠷ ᠤᠨ ᠬᠤᠭᠤᠴᠠᠭ᠎ᠠ ᠰᠤᠯᠢᠬᠤ ᠠᠵᠢᠯ ᠳ᠋ᠡᠬᠢ ᠨᠠᠮ ᠤᠨ ᠤᠳ᠋ᠤᠷᠢᠳ᠋ᠤᠯᠭ᠎ᠠ ᠶᠢ ᠪᠠᠷᠢᠮᠳ᠋ᠡᠯᠡᠨ ᠴᠢᠩᠭ᠋ᠠᠳᠬᠠᠵᠤ᠂ ᠠᠷᠠᠳᠴᠢᠯᠠᠯ ᠢ ᠭᠦᠢᠴᠡᠳ ᠪᠠᠳ᠋ᠠᠷᠠᠭᠤᠯᠬᠤ ᠪᠠ ᠬᠠᠦᠯᠢ ᠶᠢ ᠴᠢᠩᠭ᠎ᠠ ᠵᠢᠷᠤᠮᠯᠡᠨ ᠠᠵᠢᠯᠯᠠᠬᠤ ᠶᠢᠨ ᠤᠷᠭᠠᠨᠢᠭ ᠨᠢᠭᠡᠳ᠋ᠦᠯ ᠢ ᠪᠠᠷᠢᠮᠳ᠋ᠠᠯᠠᠨ᠂ ᠬᠤᠭᠤᠴᠠᠭ᠎ᠠ ᠰᠤᠯᠢᠬᠤ ᠠᠵᠢᠯ ᠢ ᠨᠠᠷᠢᠨ ᠨᠢᠮᠪᠠᠢ ᠰᠠᠢ᠌ᠳ᠋ᠤᠷ ᠵᠤᠬᠢᠶᠠᠨ ᠪᠠᠢ᠌ᠭᠤᠯᠬᠤ ᠬᠡᠷᠡᠭ᠍ᠳ᠋ᠠᠢ᠃ ᠨᠠᠮ ᠤᠨ ᠡᠭᠦᠷ ᠤᠨ ᠬᠤᠭᠤᠴᠠᠭ᠎ᠠ ᠰᠤᠯᠢᠬᠤ ᠠᠵᠢᠯ ᠤᠨ ᠰᠠᠬᠢᠯᠭ᠎ᠠ ᠪᠠᠳ᠋ᠤ ᠶᠢ ᠴᠢᠩᠭ᠋ᠠᠳᠬᠠᠨ᠂ ᠬᠤᠭᠤᠴᠠᠭ᠎ᠠ ᠰᠤᠯᠢᠬᠤ ᠬᠡᠪ ᠰᠤᠷᠳ᠋ᠠᠯ ᠢ ᠴᠡᠪᠡᠷᠰᠢᠭᠦᠯᠵᠦ᠂ ᠬᠤᠭᠤᠴᠠᠭ᠎ᠠ ᠰᠤᠯᠢᠬᠤ ᠠᠵᠢᠯ ᠤᠨ ᠡᠯ᠎ᠠ ᠵᠦ᠋ᠢᠯ ᠤᠨ ᠱᠠᠭᠠᠷᠳ᠋ᠠᠯᠭ᠎ᠠ ᠶᠢ ᠴᠢᠩᠭ᠎ᠠ ᠨᠢᠮᠪᠠᠢ ᠨᠠᠢ᠌ᠳ᠋ᠠᠪᠤᠷᠢᠵᠢᠭᠤᠯᠬᠤ ᠬᠡᠷᠡᠭ᠍ᠳ᠋ᠠᠢ᠃ ᠨᠠᠮ ᠤᠨ ᠡᠭᠦᠷ ᠤᠨ ᠬᠤᠭᠤᠴᠠᠭ᠎ᠠ ᠰᠤᠯᠢᠬᠤ ᠠᠵᠢᠯ ᠤᠨ ᠵᠠᠩᠭᠢᠯᠠᠭ᠎ᠠ ᠶᠢᠨ ᠭᠤᠭᠴᠤᠭ᠎ᠠ ᠶᠢ ᠴᠢᠩᠭ᠎ᠠ ᠠᠩᠬᠠᠷᠴᠦ᠂ ᠨᠠᠷᠢᠨ ᠨᠢᠮᠪᠠᠢ ᠵᠤᠬᠢᠶᠠᠨ ᠪᠠᠢ᠌ᠭᠤᠯᠤᠨ ᠬᠡᠷᠡᠭ᠍ᠵᠢᠭᠦᠯᠵᠦ᠂ ᠲᠡᠭᠡᠳ᠋ᠦ ᠬᠡᠮᠵᠢᠶᠡᠨ ᠤ ᠤᠯᠤᠰ ᠲᠦ᠋ᠷᠦ ᠶᠢᠨ ᠬᠠᠷᠢᠭᠤᠴᠠᠯᠭᠠᠳ᠋ᠤ ᠰᠡᠳᠭᠢᠯᠭᠡ᠂ ᠰᠠᠢ᠌ᠨ ᠰᠠᠢ᠌ᠬᠠᠨ ᠤᠶᠤᠨ ᠰᠠᠨᠠᠭᠠᠨ ᠤ ᠲᠦ᠋ᠷᠰᠦ ᠪᠠᠢ᠌ᠳ᠋ᠠᠯ ᠶᠢᠡᠷ ᠰᠡᠳᠬᠢᠯ ᠶᠢᠡᠨ ᠨᠢᠭᠡᠳᠭᠡᠨ ᠬᠦᠴᠦ ᠪᠠᠨ ᠬᠠᠮᠳ᠋ᠤᠳᠬᠠᠵᠤ᠂ ᠨᠠᠮ ᠤᠨ ᠡᠭᠦᠷ ᠤᠨ ᠬᠤᠭᠤᠴᠠᠭ᠎ᠠ ᠰᠤᠯᠢᠬᠤ ᠠᠵᠢᠯ ᠤᠨ ᠲᠡᠭᠦᠰ ᠠᠮᠵᠢᠯᠳ᠋ᠡ ᠲᠡᠶ ᠪᠡᠶᠡᠯᠡᠭ᠍ᠳ᠋ᠡᠬᠦ ᠶᠢ ᠪᠠᠳ᠋ᠤᠯᠠᠬᠤ ᠬᠡᠷᠡᠭ᠍ᠳ᠋ᠠᠢ ᠭᠡᠵᠦ ᠴᠢᠩᠭ᠋ᠠᠳᠬᠠᠪᠠ᠃
ᠬᠤᠷᠠᠯ ᠲᠡᠭᠡᠷ᠎ᠠ᠂ ᠯᠢ ᠴᠸᠩ ᠭᠦᠸᠸ ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠵᠠᠷᠤᠳ ᠬᠤᠰᠢᠭᠤᠨ ᠤ ᠰᠠᠬᠢᠯᠭ᠎ᠠ ᠪᠠᠳ᠋ᠤ ᠪᠠᠢ᠌ᠴᠠᠭᠠᠬᠤ ᠬᠤᠷᠢᠶᠠᠨ ᠤ 《ᠲᠤᠭᠳ᠋ᠠᠭᠠᠯ ᠢ ᠵᠦ᠋ᠷᠢᠴᠡᠨ 〈ᠰᠤᠷᠭᠠᠭᠤᠯᠢ ᠲᠡᠪᠰᠢᠭ᠍ᠰᠡᠨ ᠲᠠᠢ᠌ᠯᠠᠯᠭᠠ〉 ᠶᠢᠨ ᠨᠡᠢ᠌ᠳ᠋ᠡᠯᠢᠭ᠌ ᠬᠡᠷᠡᠭ᠌ ᠤᠨ ᠵᠢᠱᠢᠶ᠎ᠠ ᠶᠢᠨ ᠲᠤᠬᠠᠢ ᠵᠠᠷᠯᠠᠯ》 ᠢ ᠤᠯᠠᠮᠵᠢᠯᠡᠨ ᠨᠡᠢ᠌ᠳ᠋ᠡᠯᠡᠪᠡ᠃ (ᠨᠠᠢ᠌ᠷᠠᠭᠤᠯᠤᠭᠴᠢ᠄ ᠯᠸᠢ ᠫᠠᠩ)