ᠤᠳᠤ ᠶᠢᠨ ᠪᠠᠢ᠌ᠷᠢ᠄ ᠨᠠᠮ ᠤᠨ ᠪᠦᠳᠤᠭᠡᠨ ᠪᠠᠢ᠌ᠭᠤᠯᠤᠯᠳᠠ ᠶᠢᠨ ᠠᠵᠢᠯ → ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ᠁
ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠰᠦ᠋ᠯᠵᠢᠶᠡᠨ ᠤ ᠠᠮᠤᠷ ᠲᠦ᠋ᠪᠰᠢᠨ ᠤ ᠤᠬᠠᠭᠤᠯᠭ᠎ᠠ ᠶᠢᠨ ᠭᠠᠷᠠᠭ ᠤᠨ ᠠᠵᠢᠯᠯᠠᠭ᠎ᠠ ᠦᠷᠨᠢᠭᠦᠯᠪᠡ

        
         9 ᠰᠠᠷ᠎ᠠ ᠶᠢᠨ 8 ᠤ ᠡᠳ᠋ᠦᠷ ᠤᠨ ᠦᠳ᠋ᠡ ᠶᠢᠨ ᠬᠤᠢ᠌ᠨ᠎ᠠ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠨᠠᠮ ᠤᠨ ᠭᠡᠰᠢᠭᠦᠨ ᠺᠠᠳ᠋ᠷᠴᠤᠳ ᠢ ᠵᠤᠬᠢᠶᠠᠨ ᠪᠠᠢ᠌ᠭᠤᠯᠵᠤ《ᠰᠦ᠋ᠯᠵᠢᠶᠡᠨ ᠤ ᠠᠮᠤᠷ ᠲᠦ᠋ᠪᠰᠢᠨ ᠠᠷᠠᠳ ᠤᠨ ᠲᠦ᠋ᠯᠦᠭᠡ᠂ ᠰᠦ᠋ᠯᠵᠢᠶᠡᠨ ᠤ ᠠᠮᠤᠷ ᠲᠦ᠋ᠪᠰᠢᠨ ᠠᠷᠠᠳ ᠲᠦ᠋ᠮᠡᠨ ᠳᠤ ᠲᠦ᠋ᠰᠢᠭᠯᠡᠨ᠎ᠠ》ᠭᠡᠬᠦ ᠭᠤᠤᠯ ᠰᠡᠳ᠋ᠦᠪᠳ᠋ᠦ ᠰᠦ᠋ᠯᠵᠢᠶᠡᠨ ᠤ ᠠᠮᠤᠷ ᠲᠦ᠋ᠪᠰᠢᠨ ᠤ ᠤᠬᠠᠭᠤᠯᠭ᠎ᠠ ᠶᠢᠨ ᠭᠠᠷᠠᠭ ᠤᠨ ᠠᠵᠢᠯᠯᠠᠭ᠎ᠠ ᠦᠷᠨᠢᠭᠦᠯᠪᠡ᠃ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠤᠳ᠋ᠤᠷᠢᠳᠬᠤ ᠲᠤᠭᠤᠢ᠌ᠯᠠᠩ ᠤᠨ ᠱᠦ᠋ᠵᠢ ᠯᠢ ᠴᠸᠩ ᠭᠦᠸᠸ ᠬᠤᠷᠠᠯ ᠢ ᠡᠷᠬᠢᠯᠡᠪᠡ᠃

        

  ᠯᠢ ᠴᠸᠩ ᠭᠦᠸᠸ ᠡᠴᠡ《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠬᠤᠪᠢ ᠬᠦᠮᠦᠨ ᠤ ᠮᠡᠳ᠋ᠡᠭᠡ ᠵᠠᠩᠭᠢ ᠶᠢ ᠬᠠᠮᠠᠭᠠᠯᠠᠬᠤ ᠬᠠᠦᠯᠢ》 《ᠵᠠᠩᠭᠢᠯᠠᠭ᠎ᠠ ᠶᠢᠨ ᠮᠡᠳ᠋ᠡᠭᠡ ᠵᠠᠩᠭᠢ ᠶᠢᠨ ᠰᠠᠭᠤᠷᠢ ᠲᠦ᠋ᠭᠦᠭᠡᠷᠦᠮᠵᠢ ᠶᠢᠨ ᠠᠮᠤᠷ ᠲᠦ᠋ᠪᠰᠢᠨ ᠢ ᠬᠠᠮᠠᠭᠠᠯᠠᠬᠤ ᠲᠦ᠋ᠷᠢᠮ》ᠵᠡᠷᠭᠡ ᠬᠠᠮᠢᠶ᠎ᠠ ᠪᠦᠬᠦᠢ ᠬᠠᠦᠯᠢ ᠴᠠᠭᠠᠵᠠ ᠬᠠᠦᠯᠢ ᠲᠤᠭᠳ᠋ᠠᠭᠠᠯ ᠢ ᠲᠠᠭᠠᠭᠤᠯᠤᠨ ᠰᠤᠷᠤᠯᠴᠠᠭᠰᠠᠨ ᠪᠦᠭᠡᠳ ᠰᠦ᠋ᠯᠵᠢᠶᠡᠨ ᠤ ᠠᠮᠤᠷ ᠲᠦ᠋ᠪᠰᠢᠨ ᠤ ᠤᠬᠠᠭᠤᠯᠭ᠎ᠠ ᠶᠢᠨ ᠹᠢᠯᠢᠮ ᠢ ᠦᠵᠡᠨ᠂《ᠪᠠᠷᠠᠭᠤᠨ ᠬᠤᠢ᠌ᠳ᠋ᠤ ᠶᠢᠨ ᠠᠵᠤ ᠦᠢᠯᠡᠳᠪᠦᠷᠢ ᠶᠢᠨ ᠶᠡᠬᠡ ᠰᠤᠷᠭᠠᠭᠤᠯᠢ ᠶᠢᠨ ᠡᠯᠸᠺᠲ᠋ᠷᠣᠨ ᠰᠢᠦᠳ᠋ᠠᠨ ᠤ ᠵᠦ᠋ᠢᠯ ᠦᠨ ᠰᠢᠰᠲ᠋ᠸᠮ ᠬᠢᠯᠢ ᠶᠢᠨ ᠭᠠᠳ᠋ᠠᠨᠠᠬᠢ ᠬᠠᠺᠧᠷ  ᠤᠨ ᠲᠠᠭᠠᠷᠢᠯᠳ᠋ᠠ ᠳᠤ ᠤᠴᠠᠷᠠᠭᠰᠠᠨ》ᠰᠦ᠋ᠯᠵᠢᠶᠡᠨ ᠤ ᠠᠮᠤᠷ ᠲᠦ᠋ᠪᠰᠢᠨ ᠤ ᠬᠡᠷᠡᠭ᠌ ᠢ ᠵᠠᠷᠯᠠᠨ ᠮᠡᠳ᠋ᠡᠭ᠍ᠳ᠋ᠡᠪᠡ᠃

        
        ᠰᠦ᠋ᠯᠵᠢᠶᠡᠨ ᠤ ᠠᠮᠤᠷ ᠲᠦ᠋ᠪᠰᠢᠨ ᠤ ᠭᠠᠷᠠᠭ ᠤᠨ ᠠᠵᠢᠯᠯᠠᠭ᠎ᠠ ᠦᠷᠨᠢᠭᠦᠯᠦᠭ᠍ᠰᠡᠨ ᠡᠴᠡ ᠨᠠᠭᠠᠰᠢ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠰᠦ᠋ᠯᠵᠢᠶᠡᠨ ᠲᠡᠭᠡᠷᠡᠬᠢ ᠪᠠ ᠰᠦ᠋ᠯᠵᠢᠶᠡᠨ ᠭᠠᠳ᠋ᠠᠨᠠᠬᠢ ᠶᠢ ᠤᠶᠠᠯᠳ᠋ᠤᠭᠤᠯᠬᠤ ᠬᠡᠯᠪᠡᠷᠢ ᠪᠠᠷ ᠲᠠᠮᠵᠢᠨ᠂ ᠡᠭᠦᠳ᠋ᠡᠨ ᠰᠦ᠋ᠯᠵᠢᠶ᠎ᠠ᠂ ᠸᠢᠴᠠᠲ ᠨᠡᠢ᠌ᠲᠡ ᠶᠢᠨ ᠳ᠋ᠤᠭᠠᠷ᠂ ᠸᠢᠴᠠᠲ ᠠᠵᠢᠯ ᠤᠨ ᠬᠤᠯᠪᠤᠭ᠎ᠠ ᠵᠡᠷᠭᠡ ᠲᠠᠪᠴᠠᠩ ᠢ ᠠᠰᠢᠭᠯᠠᠵᠤ᠂《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠲᠤᠭ᠎ᠠ ᠪᠠᠷᠢᠮᠳ᠋ᠠ ᠶᠢᠨ ᠠᠮᠤᠷ ᠲᠦ᠋ᠪᠰᠢᠨ ᠤ ᠬᠠᠦᠯᠢ》 《ᠪᠦᠭᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠰᠦ᠋ᠯᠵᠢᠶᠡᠨ ᠤ ᠠᠮᠤᠷ ᠲᠦ᠋ᠪᠰᠢᠨ ᠤ ᠬᠠᠦᠯᠢ》 《ᠵᠠᠩᠭᠢᠯᠠᠭ᠎ᠠ ᠶᠢᠨ ᠮᠡᠳ᠋ᠡᠭᠡ ᠵᠠᠩᠭᠢ ᠶᠢᠨ ᠰᠠᠭᠤᠷᠢ ᠲᠦ᠋ᠭᠦᠭᠡᠷᠦᠮᠵᠢ ᠶᠢᠨ ᠠᠮᠤᠷ ᠲᠦ᠋ᠪᠰᠢᠨ ᠢ ᠬᠠᠮᠠᠭᠠᠯᠠᠬᠤ ᠲᠦ᠋ᠷᠢᠮ》 ᠵᠡᠷᠭᠡ ᠴᠢᠬᠤᠯᠠ ᠬᠠᠦᠯᠢ ᠴᠠᠭᠠᠵᠠ ᠬᠠᠦᠯᠢ ᠲᠤᠭᠳ᠋ᠠᠭᠠᠯ᠂ ᠲᠦ᠋ᠷᠦ ᠶᠢᠨ ᠪᠤᠳ᠋ᠤᠯᠭ᠎ᠠ ᠶᠢᠨ ᠪᠢᠴᠢᠭ᠌ ᠮᠠᠲ᠋ᠸᠷᠢᠶᠠᠯ ᠢ ᠭᠦᠨᠵᠡᠭᠡᠢ ᠤᠬᠠᠭᠤᠯᠤᠨ᠂ ᠰᠦ᠋ᠯᠵᠢᠶᠡᠨ ᠤ ᠠᠮᠤᠷ ᠲᠦ᠋ᠪᠰᠢᠨ ᠤ ᠨᠡᠢ᠌ᠳ᠋ᠡ ᠶᠢᠨ ᠵᠠᠷ ᠢ ᠰᠦ᠋ᠯᠵᠢᠶᠡᠨ ᠳ᠋ᠦ ᠭᠠᠷᠭᠠᠵᠦ᠂ ᠰᠦ᠋ᠯᠵᠢᠶᠡᠨ ᠤ ᠠᠮᠤᠷ ᠲᠦ᠋ᠪᠰᠢᠨ ᠤ ᠤᠬᠠᠮᠰᠡᠷ ᠢ ᠪᠦᠬᠦ ᠲᠠᠯ᠎ᠠ ᠪᠠᠷ ᠲᠦ᠋ᠭᠡᠮᠡᠯᠵᠢᠭᠦᠯᠦᠨ᠂ ᠤᠬᠠᠭᠤᠯᠭ᠎ᠠ ᠶᠢᠨ ᠪᠦᠷᠬᠦᠮᠵᠢ ᠶᠢ ᠦᠷᠭᠡᠳᠬᠡᠭᠦ ᠪᠠᠷ ᠴᠢᠷᠮᠠᠢ᠌ᠵᠤ ᠪᠠᠢ᠌ᠨ᠎ᠠ᠃

          


        
           ᠠᠵᠢᠯᠯᠠᠭ᠎ᠠ ᠪᠠᠷ ᠲᠠᠮᠵᠢᠨ᠂ ᠨᠠᠮ ᠶᠢᠨ ᠭᠡᠰᠢᠭᠦᠨ ᠺᠠᠳ᠋ᠷᠴᠤᠳ ᠤᠨ ᠰᠦ᠋ᠯᠵᠢᠶᠡᠨ ᠤ ᠠᠮᠤᠷ ᠲᠦ᠋ᠪᠰᠢᠨ ᠦ ᠤᠬᠠᠮᠰᠡᠷ ᠢ ᠤᠯᠠᠮ ᠨᠢᠭᠡ ᠠᠯᠬᠤᠮ ᠴᠢᠩᠭ᠋ᠠᠳᠬᠠᠨ᠂ ᠰᠦ᠋ᠯᠵᠢᠶᠡᠨ ᠤ ᠠᠮᠤᠷ ᠲᠦ᠋ᠪᠰᠢᠨ ᠤ ᠰᠡᠷᠭᠡᠢ᠌ᠯᠡᠯᠳ᠋ᠡ ᠶᠢᠨ ᠤᠷ᠎ᠠ ᠴᠢᠳ᠋ᠠᠪᠤᠷᠢ ᠶᠢ ᠲᠡᠭᠡᠭ᠍ᠰᠢᠯᠡᠭᠦᠯᠵᠦ᠂ ᠪᠠᠢ᠌ᠭᠤᠯᠭ᠎ᠠ ᠶᠢᠨ ᠰᠦ᠋ᠯᠵᠢᠶᠡᠨ ᠤ ᠠᠮᠤᠷ ᠲᠦ᠋ᠪᠰᠢᠨ ᠤ ᠰᠡᠷᠭᠡᠢ᠌ᠯᠡᠯᠳ᠋ᠡ ᠶᠢᠨ ᠱᠤᠭᠤᠮ ᠢ ᠬᠠᠮᠳ᠋ᠤᠪᠠᠷ ᠪᠠᠢ᠌ᠭᠤᠯᠬᠤ ᠦᠳᠭᠡᠨ ᠵᠤᠵᠠᠭᠠᠨ ᠠᠭᠤᠷ ᠠᠮᠢᠰᠬᠤᠯ ᠢ ᠪᠤᠢ ᠪᠤᠯᠭᠠᠪᠠ᠃ (ᠨᠠᠢ᠌ᠷᠠᠭᠤᠯᠤᠭᠴᠢ᠄ ᠯᠸᠢ ᠫᠠᠩ)

ᠡᠮᠦᠨᠡᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠤᠨ ᠬᠤᠭᠤᠴᠠᠭ᠎ᠠ ᠰᠤᠯᠢᠬᠤ ᠠᠵᠢᠯ ᠤᠨ ᠲᠠᠢ᠌ᠴᠢᠯᠠᠯᠳ᠋ᠠ ᠶᠢᠨ ᠬᠤᠷᠠᠯ ᠬᠤᠷᠠᠯᠳ᠋ᠤᠪᠠ
ᠳᠠᠷᠠᠭᠠᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠭᠤᠤᠯ ᠰᠡᠳ᠋ᠦᠪᠳ᠋ᠦ ᠨᠠᠮ ᠤᠨ ᠡᠳ᠋ᠦᠷ ᠤᠨ ᠠᠵᠢᠯᠯᠠᠭ᠎ᠠ ᠦᠷᠨᠢᠭᠦᠯᠪᠡ