ᠤᠳᠤ ᠶᠢᠨ ᠪᠠᠢ᠌ᠷᠢ᠄ ᠲᠦᠯᠤᠭᠡᠯᠡᠭᠴᠢ ᠶᠢᠨ ᠭᠡᠷ ᠪᠦᠯᠢ → ᠠᠷᠠᠳ ᠤᠨ ᠲᠦ᠋ᠯᠦᠭᠡᠯᠡᠭ᠍ᠴᠢ ᠰᠦᠨ ᠱᠸᠤ ᡁᠢ᠁
ᠠᠷᠠᠳ ᠤᠨ ᠲᠦ᠋ᠯᠦᠭᠡᠯᠡᠭ᠍ᠴᠢ ᠰᠦᠨ ᠱᠸᠤ ᡁᠢ ᠤᠯᠠᠨ ᠲᠦ᠋ᠮᠡᠨ ᠲᠡᠶ ᠰᠡᠳᠬᠢᠯ ᠵᠢᠷᠦᠭᠡ ᠪᠠᠨ ᠬᠤᠯᠪᠤᠨ ᠬᠠᠢᠷ᠎ᠠ ᠰᠡᠳᠬᠢᠯ ᠢᠶᠠᠨ ᠡᠷᠬᠦᠵᠤ ᠶᠠᠪᠤᠭ᠎ᠠ

                              
       

 ᠰᠢ᠍ᠨ᠎ᠠ ᠵᠢᠯ ᠬᠦᠷᠴᠦ ᠢᠷᠡᠬᠦ ᠲᠠᠰᠢ᠍ᠷᠠᠮ ᠢᠶᠠᠷ᠂ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠂ ᠰᠢ᠍ᠩ ᠲᠠ ᠠᠭᠤᠷᠬᠠᠢ ᠶᠢᠨ ᠦᠢ᠍ᠯᠡᠰ ᠦᠨ ᠨᠠᠮ ᠤᠨ ᠡᠭᠦᠷ ᠦᠨ ᠱᠦ᠋ᠵᠢ ᠰᠦ᠋ᠨ ᠱᠸᠤ ᡁᠢ ᠬᠡᠷᠴᠢ᠍ᠯᠠᠭᠤ ᠰᠤᠮᠤ ᠶᠢᠨ ᠮᠠᠩᠬᠠᠳ᠋ᠤ ᠭᠠᠴᠠᠭ᠎ᠠ ᠶᠢᠨ ᠲᠤᠤᠷ᠎ᠠ ᠪᠠᠳ᠋ᠤᠯᠠᠭᠠᠳ᠋ᠤ ᠡᠷᠦᠭᠡ ᡂᠢ ᠵᠢᠶ‍ᠧ ᠶᠦ᠋ᠨ ᠦ ᠭᠡᠷ ᠲᠤ ᠬᠦᠷᠴᠤ᠂ ᠲᠡᠬᠦᠨ ᠦ ᠠᠵᠤ ᠠᠮᠢ᠍ᠳ᠋ᠤᠷᠠᠯ ᠤᠨ ᠪᠠᠢᠳᠠᠯ  ᠢ ᠨᠢ ᠨᠠᠷᠢ᠍ᠯᠢ᠍ᠭ ᠤᠢᠯᠠᠭᠠᠪᠠ᠃ ᡂᠢ ᠵᠢᠶ‍ᠧ ᠶᠦ᠋ᠨ ᠭᠠᠭᠴᠠᠭᠠᠷ  ᠢᠶᠠᠨ ᠠᠮᠢ᠍ᠳ᠋ᠤᠷᠠᠵᠤ ᠪᠠᠢ᠌ᠬᠤ ᠪᠦᠭᠡᠳ ᠮᠡᠳ᠋ᠡᠷᠡᠯ ᠦᠨ ᠡᠪᠡᠳᠴᠢ᠍ᠨ ᠡᠮᠭᠡᠭ᠌ ᠲᠡᠶ ᠪᠠᠢᠵᠤ᠂ ᠵᠦ᠋ᠪᠬᠡᠨ ᠲᠤᠤᠷ᠎ᠠ ᠪᠠᠳ᠋ᠤᠯᠠᠭᠠᠳ᠋ᠤ ᠮᠦ᠋ᠩᠬᠦ ᠪᠠ ᠨᠢ᠍ᠭᠡ ᠺᠠᠷᠲ  ᠢᠶᠠᠷ ᠨᠡᠪᠲᠡᠷᠡᠬᠦ ᠤᠷᠤᠯᠭ᠎ᠠ ᠡᠴᠡ ᠪᠤᠰᠤᠳ ᠠᠵᠤ ᠠᠬᠤᠢ ᠶᠢᠨ ᠢᠷᠡᠯᠳ᠋ᠡ ᠦᠭᠡᠶ᠂ ᠠᠮᠢ᠍ᠳ᠋ᠤᠷᠠᠯ ᠨᠢ ᠬᠦᠴᠢ᠍ᠷᠳ᠋ᠡᠯ ᠲᠡᠶ ᠪᠠᠢᠳᠠᠯ ᠢ ᠤᠢᠯᠠᠭᠠᠵᠤ ᠮᠡᠳ᠋ᠡᠭ᠍ᠰᠡᠨ ᠦ ᠳᠠᠷᠠᠭ᠎ᠠ᠂ ᠰᠦ᠋ᠨ ᠱᠸᠤ ᡁᠢ ᠳᠡᠬᠦᠨ ᠳᠤ 3000 ᠲᠦ᠋ᠭᠦᠷᠢ᠍ᠭ᠌ ᠬᠠᠨᠳᠢᠪᠯᠡᠵᠤ᠂ᠦᠷᠬᠦᠯᠵᠢ᠍ᠯᠡᠨ ᠳᠡᠬᠦᠨ ᠦ ᠠᠵᠢ᠍ᠯ ᠠᠮᠢ᠍ᠳ᠋ᠤᠷᠠᠯ ᠢ ᠬᠠᠯᠠᠮᠵᠢ᠍ᠯᠠᠨ᠎ᠠ ᠭᠡᠵᠡᠢ᠃
        ᠰᠦ᠋ᠨ ᠱᠸᠤ ᡁᠢ ᠵᠢᠯ ᠪᠦᠷᠢ ᠶᠡᠭᠡ ᠬᠡᠮᠵᠢ᠍ᠶᠠᠨ ᠤ ᠴᠠᠭ ᠬᠦᠯᠦᠰᠦ ᠵᠠᠷᠤᠴᠠᠭᠤᠯᠵᠤ ᠪᠠᠢᠭᠠᠳ ᠬᠠᠯᠠᠭᠤᠨ ᠬᠠᠢᠷ᠎ᠠ ᠬᠠᠨᠳ᠋ᠢ᠍ᠪᠯᠡᠬᠤ᠂ ᠶᠠᠳ᠋ᠠᠭᠤ ᠡᠴᠡ ᠠᠩᠭᠢᠵᠢ᠍ᠷᠠᠭᠤᠯᠵᠤ ᠪᠡᠬᠢᠯᠡᠯᠳ᠋ᠡ ᠰᠢ᠍ᠪᠲᠤᠯᠬᠤ ᠠᠵᠢ᠍ᠯ ᠢ ᠲᠠᠮᠵᠢᠬᠦ ᠵᠡᠷᠭᠡ ᠡᠯ᠎ᠠ ᠲᠦ᠋ᠷᠦᠯ ᠦᠨ ᠬᠦᠳ᠋ᠡᠯᠭᠡᠭᠡᠨ ᠳᠤ ᠢᠳ᠋ᠡᠪᠬᠢᠲᠠᠢ ᠤᠷᠤᠯᠴᠠᠨ᠂ ᠦᠪᠡᠷ ᠦᠨ ᠪᠤᠳ᠋ᠠᠳ᠋ᠤ ᠦᠢ᠍ᠯᠡ ᠠᠵᠢ᠍ᠯᠯᠠᠭ᠎ᠠ ᠪᠡᠷ ᠢᠶᠠᠨ ᠬᠠᠢᠷ᠎᠎ᠠ ᠰᠡᠳᠬᠢᠯ  ᠢᠶᠠᠨ ᠡᠷᠬᠦᠨ᠂ ᠬᠠᠯᠠᠭᠤᠨ ᠲᠤᠯᠠᠭᠠᠨ ᠬᠦᠷᠭᠡᠵᠤ᠂ ᠨᠢ᠍ᠭᠡᠨ ᠠᠷᠠᠳ ᠤᠨ ᠲᠦ᠋ᠯᠦᠭᠡᠯᠡᠭ᠍ᠴᠢ ᠶᠢᠨ ᠬᠡᠷᠡᠯ ᠬᠢᠯᠪᠠᠭ᠎ᠠ ᠪᠠᠨ ᠰᠠᠴᠤᠷᠠᠭᠤᠯᠵᠤ ᠶᠠᠪᠤᠨ᠎ᠠ᠃



ᠡᠮᠦᠨᠡᠬᠢ᠄ ᠪᠠᠢ᠌ᠬᠤ ᠦᠭᠡᠢ᠃
ᠳᠠᠷᠠᠭᠠᠬᠢ᠄ ᠶᠡᠷᠤᠩᠭᠡᠢ ᠱᠦ᠋ᠵᠢ ᠮᠠᠨ ᠤ ᠦᠭᠡᠷ ᠤᠨ ᠮᠢ᠍ᠬᠠᠨ ᠳ᠋ᠥ ᠮᠠᠰᠢ ᠬᠦᠨ ᠰᠠᠭᠤᠭᠳ᠋ᠠᠯ ᠲᠡᠶ