ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ᠁
ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠣᠷᠡᠯ ᠤᠨ ᠪᠠᠢ᠌ᠩᠭ᠋ᠤ ᠶᠢᠨ ᠬᠤᠷᠢ᠍ᠶᠠᠨ ᠤ ᠡᠷᠬᠢᠯᠡᠭ᠍ᠴᠢ ᠪᠠᠶᠠᠨᠰᠠᠩ ᠦᠨᠳ᠋ᠦᠰᠦᠨ ᠱᠠᠳ᠋ᠤᠨ ᠳᠤ ᠭᠦᠨᠵᠡᠭᠡᠢ᠌ᠷᠡᠵᠤ ᠠᠶᠤᠯᠭᠦᠢ ᠦᠢ᠍ᠯᠡᠳᠪᠦᠷᠢ᠍ᠯᠡᠯ ᠤᠨ ᠠᠵᠢ᠍ᠯ ᠢ ᠪᠠᠢ᠌ᠴᠠᠭᠠᠭᠰᠠᠨ


           ᠵᠢᠯ ᠤᠨ ᠡᠴᠦᠰ ᠪᠠ ᠢᠷᠡᠬᠦ ᠵᠢᠯ ᠤᠨ ᠡᠬᠢᠨ ᠤ ᠠᠶᠤᠯᠭᠦᠢ ᠦᠢ᠍ᠯᠡᠳᠪᠦᠷᠢ᠍ᠯᠷᠯ ᠤᠨ ᠠᠵᠢ᠍ᠯ ᠢ ᠦᠨᠡᠨᠬᠦ ᠰᠠᠢ᠌ᠳ᠋ᠤᠷ ᠬᠢᠵᠦ᠂ ᠳᠠᠯᠳ᠋ᠠ ᠠᠶᠤᠯ ᠢ ᠦᠭᠡᠢ᠌ᠰᠬᠡᠵᠦ᠂ ᠤᠨᠴᠠ ᠶᠡᠬᠡ ᠠᠮᠤᠷ ᠲᠦ᠋ᠪᠰᠢ᠍ᠨ ᠤ ᠠᠰᠠᠭᠤᠳᠠᠯ ᠡᠭᠦᠰᠬᠦ ᠶᠢ ᠡᠷᠡᠰ ᠬᠤᠷᠢ᠍ᠭᠯᠠᠬᠤ ᠶᠢᠨ ᠲᠦ᠋ᠯᠦᠭᠡ᠂ ᠤᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠣᠷᠡᠯ ᠤᠨ ᠪᠠᠢ᠌ᠩᠭ᠋ᠤ ᠶᠢᠨ ᠬᠤᠷᠢ᠍ᠶᠠᠨ ᠤ ᠡᠷᠬᠢᠯᠡᠭ᠍ᠴᠢ ᠪᠠᠶᠠᠨᠰᠠᠩ ᠦᠨᠳ᠋ᠦᠰᠦᠨ ᠱᠠᠲᠤᠨ ᠳᠤ ᠭᠦᠨᠵᠡᠭᠡᠢ᠌ᠷᠡᠵᠦ ᠠᠶᠤᠯᠭᠦᠢ ᠦᠢ᠍ᠯᠡᠳᠪᠦᠷᠢ᠍ᠯᠡᠯ ᠤᠨ ᠠᠵᠢ᠍ᠯ ᠢ ᠪᠠᠢ᠌ᠴᠠᠭᠠᠪᠠ᠃

     
           ᠪᠠᠶᠠᠨᠰᠠᠩ ᠤᠷᠢ᠍ᠳ ᠬᠤᠵᠢ᠍ᠳ ᠬᠠᠢ᠌ᠷᠬᠠᠨ ᠤᠢ ᠰᠢ᠍ᠭᠤᠢ ᠶᠢᠨ ᠲᠠᠯᠠᠪᠠᠢ᠂ ᠪᠠᠶᠠᠷᠲᠤᠬᠤᠰᠢ᠍ᠭᠤ ᠪᠠᠯᠭᠠᠰᠤ ᠵᠡᠷᠭᠡ ᠭᠠᠵᠠᠷ ᠲᠤ ᠬᠦᠷᠴᠦ᠂ ᠡᠯ᠎ᠠ ᠭᠠᠵᠠᠷ ᠤᠨ ᠠᠶᠤᠯᠭᠦᠢ ᠦᠢ᠍ᠯᠡᠳᠪᠦᠷᠢ᠍ᠯᠡᠯ ᠤᠨ ᠬᠤᠪᠢ ᠶᠢᠨ ᠪᠠᠢ᠌ᠴᠠᠭᠠᠯᠲᠠ ᠶᠢᠨ ᠬᠠᠷᠢ᠍ᠭᠤ ᠮᠡᠳ᠋ᠡᠭᠦᠯᠦᠯᠲᠡ ᠶᠢ ᠨᠠᠷᠢ᠍ᠨ ᠬᠢᠨᠠᠮᠠᠭᠠᠢ ᠰᠤᠨᠤᠰᠴᠤ᠂ ᠪᠠᠴᠢ᠍ᠮ ᠠᠪᠤᠷᠠᠯᠲᠠ ᠶᠢᠨ ᠲᠦ᠋ᠰᠦᠯ ᠢ ᠤᠢᠯᠠᠭᠠᠵᠤ᠂ ᠪᠠᠴᠢ᠍ᠮ ᠪᠠᠢ᠌ᠳ᠋ᠠᠯ ᠢ ᠠᠷᠭᠠᠴᠠᠬᠤ ᠲᠤᠨᠤᠭ ᠲᠦ᠋ᠬᠦᠭᠡᠷᠦᠮᠵᠢ ᠶᠢᠨ ᠲᠣᠬᠢᠷᠠᠭᠤᠯᠤᠯᠲᠠ᠂ ᠠᠷᠠᠴᠢ᠍ᠯᠠᠨ ᠬᠠᠮᠠᠭᠠᠯᠠᠬᠤ ᠵᠢᠴᠢ ᠲᠤᠰᠤ ᠨᠡᠮᠡᠬᠦ ᠦᠷᠳ᠋ᠡᠭᠡ᠂ ᠢᠳ᠋ᠡᠭᠡᠨ ᠤ ᠵᠦ᠋ᠢ᠍ᠯ᠂ ᠡᠮ ᠤᠨ ᠵᠦ᠋ᠢ᠍ᠯ᠂ ᠬᠤᠸᠠᠷ ᠫᠤᠤᠵᠢ᠍ᠩ ᠶᠢᠨ ᠪᠤᠷᠤᠯᠠᠭᠤᠯᠤᠨ ᠬᠤᠳ᠋ᠠᠯᠳ᠋ᠤᠬᠤ ᠭᠠᠵᠠᠷ ᠵᠡᠷᠭᠡ ᠶᠢᠨ ᠠᠶᠤᠯᠭᠦᠢ ᠶᠢᠨ ᠬᠠᠮᠢ᠍ᠶᠠᠷᠤᠯᠳ᠋ᠠ ᠶᠢᠨ ᠪᠠᠢ᠌ᠳ᠋ᠠᠯ ᠢ ᠨᠠᠷᠢ᠍ᠨ ᠨᠢ᠍ᠭᠳ᠋ᠠ ᠪᠠᠢ᠌ᠴᠠᠭᠠᠨ ᠦᠵᠡᠪᠡ᠃
           ᠪᠠᠶᠠᠨᠰᠠᠩ ᠱᠠᠭᠠᠷᠳ᠋ᠠᠭᠰᠠᠨ ᠨᠢ᠂ ᠡᠯ᠎ᠠ ᠭᠠᠵᠠᠷ ᠡᠯ᠎ᠠ ᠰᠠᠯᠠᠭ᠎ᠠ ᠮᠦ᠋ᠴᠢ᠍ᠷ ᠴᠠᠭ ᠢᠮᠠᠭᠲᠠ ᠳᠡᠭᠡᠳ᠋ᠦ ᠬᠡᠮᠵᠢ᠍ᠶᠡᠨ ᠤ ᠰᠡᠷᠡᠮᠵᠢ ᠲᠡᠶ ᠪᠠᠢ᠌ᠵᠤ᠂ ᠠᠮᠤᠷ ᠲᠦ᠋ᠪᠰᠢ᠍ᠨ ᠤ ᠡᠭᠦᠷᠭᠡ ᠬᠠᠷᠢ᠍ᠭᠤᠴᠠᠯᠭ᠎ᠠ ᠶᠢᠨ ᠨᠠᠢ᠌ᠳ᠋ᠠᠪᠦᠷᠢ᠍ᠵᠢ᠍ᠭᠤᠯᠤᠯᠳ᠋ᠠ ᠶᠢ ᠴᠢ᠍ᠩᠭ᠎ᠠ ᠠᠳᠬᠤᠬᠤ ᠬᠡᠷᠡᠭ᠍ᠲᠡᠢ᠃ᠣᠳ᠋ᠣᠬᠠᠨ ᠤ ᠠᠶᠤᠯᠭᠦᠢ ᠦᠢ᠍ᠯᠡᠳᠪᠦᠷᠢ᠍ᠯᠡᠯ ᠤᠨ ᠪᠠᠢ᠌ᠳ᠋ᠠᠯ ᠤᠨ ᠬᠦᠨᠳ᠋ᠦ ᠨᠤᠴᠢ᠍ᠲᠤ ᠴᠢ᠍ᠨᠠᠷ᠂ ᠪᠤᠳ᠋ᠤᠯᠢ᠍ᠶᠠᠨᠲᠤ ᠴᠢ᠍ᠨᠠᠷ ᠢ ᠲᠠᠨᠢᠵᠤ᠂ ᠠᠮᠤᠷ ᠲᠦ᠋ᠪᠰᠢ᠍ᠨ ᠤ ᠤᠬᠠᠮᠰᠠᠷ ᠶᠢᠡᠨ ᠳᠡᠭᠡᠭ᠍ᠰᠢ᠍ᠯᠡᠭᠦᠯᠵᠦ᠂ ᠠᠮᠤᠷ ᠲᠦ᠋ᠪᠰᠢ᠍ᠨ ᠤ ᠬᠠᠮᠢ᠍ᠶᠠᠷᠤᠯᠲᠠ ᠪᠠᠨ ᠴᠢ᠍ᠩᠭ᠋ᠠᠳᠬᠠᠵᠤ᠂ ᠲᠤᠬᠠᠢ ᠶᠢᠨ ᠭᠠᠵᠠᠷ ᠤᠷᠤᠨ ᠤ ᠪᠤᠳ᠋ᠠᠳ᠋ᠤ ᠪᠠᠢ᠌ᠳ᠋ᠠᠯ ᠲᠡᠶ ᠪᠠᠨ ᠤᠶᠠᠯᠳ᠋ᠤᠭᠤᠯᠵᠤ᠂ ᠵᠢᠯ ᠤᠨ ᠡᠴᠦᠰ ᠪᠠ ᠵᠢᠯ ᠤᠨ ᠡᠬᠢᠨ ᠤ ᠠᠶᠤᠯᠭᠦᠢ ᠦᠢ᠍ᠯᠡᠳᠪᠦᠷᠢ᠍ᠯᠡᠯ ᠤᠨ ᠵᠢᠮ᠎ᠠ ᠶᠤᠰᠤ ᠶᠢ ᠭᠦᠨᠵᠡᠭᠡᠢ ᠵᠠᠳ᠋ᠠᠯᠤᠨ ᠰᠢ᠍ᠨᠵᠢ᠍ᠯᠡᠵᠦ᠂ ᠡᠭᠦᠰᠴᠦ ᠮᠠᠳ᠋ᠡᠬᠦ ᠡᠯ᠎ᠠ ᠲᠦ᠋ᠷᠦᠯ ᠤᠨ ᠠᠶᠤᠯ ᠲᠦ᠋ᠭ᠍ᠰᠢ᠍ᠭᠦᠷᠢ ᠶᠢᠨ ᠳᠠᠯᠳ᠋ᠠ ᠭᠡᠮ ᠢ ᠤᠷᠢ᠍ᠳᠴᠢ᠍ᠯᠠᠨ ᠰᠡᠷᠭᠡᠢ᠌ᠯᠡᠵᠦ᠂ ᠭᠤᠤᠯᠳ᠋ᠠᠯᠭ᠎ᠠ ᠲᠡᠶ ᠠᠵᠢ᠍ᠯ ᠤᠨ ᠬᠦᠷᠢ᠍ᠶ᠎ᠠ ᠬᠡᠪᠴᠢ᠍ᠶ᠎ᠠ ᠪᠠ ᠴᠢ᠍ᠬᠤᠯᠠ ᠭᠤᠭᠴᠤᠭ᠎ᠠ ᠶᠢᠨ ᠠᠮᠤᠷ ᠲᠦ᠋ᠪᠰᠢ᠍ᠨ ᠤ ᠬᠢᠨᠠᠨ ᠬᠠᠮᠢ᠍ᠶᠠᠷᠤᠯᠲᠠ ᠪᠠᠨ ᠦᠨᠠᠨᠬᠦ ᠴᠢ᠍ᠩᠭ᠋ᠠᠳᠬᠠᠵᠤ᠂ ᠤᠷᠤᠰᠢ᠍ᠵᠤ ᠪᠠᠢ᠌ᠭ᠎ᠠ ᠲᠠᠯᠳ᠋ᠠ ᠭᠡᠮ ᠢ ᠨᠠᠷᠢ᠍ᠨ ᠬᠢᠨᠠᠮᠠᠭᠠᠢ ᠪᠠᠢ᠌ᠴᠠᠭᠠᠨᠨ ᠴᠡᠭ᠍ᠴᠡᠯᠡᠬᠦ ᠬᠡᠷᠡᠭ᠍ᠲᠡᠢ᠃ ᠠᠶᠤᠯᠭᠦᠢ ᠦᠢ᠍ᠯᠡᠳᠪᠦᠷᠢ᠍ᠯᠡᠯ ᠤᠨ ᠡᠨᠳ᠋ᠡᠯ ᠢ ᠠᠷᠭᠠᠴᠠᠭᠠᠬᠤ ᠪᠡᠯᠡᠳᠭᠡᠯ ᠢ ᠢᠳ᠋ᠡᠪᠬᠢᠲᠡᠢ ᠬᠢᠵᠦ᠂ ᠤᠨᠴᠠᠭᠠᠢ᠌ᠯᠠᠨ ᠬᠠᠢ᠌ᠷᠬᠠᠨ ᠤᠢ ᠰᠢ᠍ᠭᠤᠢ ᠶᠢᠨ ᠲᠠᠯᠠᠪᠠᠢ ᠵᠡᠷᠭᠡ ᠤᠢ ᠰᠢ᠍ᠭᠤᠢ ᠶᠢᠨ ᠭᠠᠯ ᠢ ᠰᠡᠷᠭᠡᠢ᠌ᠯᠡᠬᠦ ᠬᠦᠨᠳ᠋ᠦ ᠨᠣᠴᠢ᠍ᠲᠠᠢ ᠭᠠᠵᠠᠷ ᠤᠷᠤᠨ ᠵᠠᠪᠠᠯ ᠲᠤᠭᠤᠷᠢ᠍ᠨ ᠪᠠᠢ᠌ᠴᠠᠭᠠᠵᠤ ᠰᠠᠬᠢᠨ ᠬᠠᠮᠠᠭᠠᠯᠠᠬᠤ ᠪᠠᠨ ᠴᠢ᠍ᠩᠭ᠋ᠠᠳᠬᠠᠵᠤ᠂ ᠪᠠᠴᠢ᠍ᠮ ᠪᠠᠢ᠌ᠳ᠋ᠠᠯ ᠢ ᠠᠷᠭᠠᠴᠠᠭᠠᠬᠤ ᠲᠦ᠋ᠰᠦᠯ ᠢ ᠲᠡᠭᠦᠯᠳ᠋ᠡᠷᠵᠢ᠍ᠭᠦᠯᠵᠦ᠂ ᠠᠶᠤᠯ ᠲᠦ᠋ᠭ᠍ᠰᠢ᠍ᠭᠦᠷᠢ᠍ᠲᠦ ᠴᠠᠭ ᠲᠤ ᠬᠠᠮᠤᠭ ᠲᠡᠷᠢ᠍ᠭᠦᠨ ᠳᠤ ᠰᠢ᠌ᠳᠪᠦᠷᠢ᠍ᠯᠡᠬᠦ ᠶᠢ ᠪᠠᠲᠤᠯᠠᠵᠤ᠂ ᠤᠯᠠᠨ ᠲᠦ᠋ᠮᠡᠨ ᠤ ᠪᠠᠶᠠᠷ ᠬᠦᠦᠷ ᠲᠡᠶ᠂ ᠠᠮᠤᠷ ᠲᠦ᠋ᠪᠰᠢ᠍ᠨ ᠶᠢᠡᠷ ᠴᠠᠭᠠᠨ ᠰᠠᠷ᠎ᠠ ᠪᠠᠨ ᠦᠩᠭᠡᠷᠡᠭᠦᠯᠬᠦ ᠢ ᠪᠠᠲᠤᠯᠠᠬᠤ ᠬᠡᠷᠡᠭ᠍ᠲᠡᠢ ᠭᠡᠵᠡᠢ᠃

                        

ᠡᠮᠦᠨᠡᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ 2019 ᠤᠨ ᠤ ᠰᠢᠨ᠎ᠡ ᠵᠢᠯ ᠤᠨ ᠪᠠᠶᠠᠷ ᠤᠨ ᠦᠭᠡ
ᠳᠠᠷᠠᠭᠠᠬᠢ᠄ ᠬᠤᠰᠢ᠍ᠭᠤᠨ ᠤ ᠠᠷᠠᠣᠨ ᠤᠨ ᠲᠦ᠋ᠯᠣᠭᠡᠯᠡᠭ᠍ᠴᠢ᠍ᠣᠨ ᠤᠨ ᠶᠡᠬᠡ ᠬᠣᠷᠡᠯ ᠤᠨ ᠪᠠᠢ᠌ᠩᠭ᠋ᠣ ᠶᠢᠨ ᠬᠤᠷᠢ᠍ᠶ᠎ᠠ ᠶᠢᠨ ᠤᠳ᠋ᠤᠷᠢ᠍ᠳ᠋ᠤᠯᠭ᠎ᠠ ᠪᠣᠯᠭᠣᠭᠠᠨ ᠲᠤᠬᠤᠨᠢᠭᠤᠯᠬᠤ ᠬᠦᠳ᠋ᠡᠯᠬᠡᠬᠡᠨ ᠦᠷᠨᠢᠬᠦᠯᠦᠭ᠍ᠰᠡᠨ