ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢ᠍ᠭᠤᠨ ᠤ ᠠᠷᠠᠣᠨ ᠤᠨ ᠲᠦ᠋ᠯᠣᠭᠡᠯᠡᠭ᠍ᠴᠢ᠍ᠣᠨ ᠤᠨ᠁
ᠬᠤᠰᠢ᠍ᠭᠤᠨ ᠤ ᠠᠷᠠᠣᠨ ᠤᠨ ᠲᠦ᠋ᠯᠣᠭᠡᠯᠡᠭ᠍ᠴᠢ᠍ᠣᠨ ᠤᠨ ᠶᠡᠬᠡ ᠬᠣᠷᠡᠯ ᠤᠨ ᠪᠠᠢ᠌ᠩᠭ᠋ᠣ ᠶᠢᠨ ᠬᠤᠷᠢ᠍ᠶ᠎ᠠ ᠶᠢᠨ ᠤᠳ᠋ᠤᠷᠢ᠍ᠳ᠋ᠤᠯᠭ᠎ᠠ ᠪᠣᠯᠭᠣᠭᠠᠨ ᠲᠤᠬᠤᠨᠢᠭᠤᠯᠬᠤ ᠬᠦᠳ᠋ᠡᠯᠬᠡᠬᠡᠨ ᠦᠷᠨᠢᠬᠦᠯᠦᠭ᠍ᠰᠡᠨ


   1 ᠰᠠᠷ᠎ᠠ ᠶᠢᠨ22᠊ᠤ ᠡᠳ᠋ᠦᠷ ᠡᠴᠨ30᠊ᠤ ᠡᠳ᠋ᠦᠷ ᠪᠤᠯᠳ᠋ᠠᠯ᠎ᠠ᠂ ᠬᠣᠰᠢ᠍ᠭᠣᠨ ᠤ ᠠᠷᠠᠣᠨ ᠤᠨ ᠲᠦ᠋ᠯᠣᠭᠡᠯᠡᠭ᠍ᠴᠢ᠍ᠣᠨ ᠤᠨ ᠶᠡᠬᠡ ᠬᠣᠷᠡᠯ ᠤᠨ ᠪᠠᠢ᠌ᠩᠭ᠋ᠣ ᠶᠢᠨ ᠬᠣᠷᠢ᠍ᠶᠠᠨ ᠤ ᠡᠷᠬᠢᠯᠡᠭ᠍ᠴᠢ ᠪᠠᠶᠠᠨᠰᠠᠩ᠂ ᠳᠡᠳ᠋ ᠡᠷᠬᠢᠯᠡᠭ᠍ᠴᠢ ᠡᠤ ᠰᠢ᠍ᠶᠤᠤ᠂ ᠪᠦ ᠮᠤᠤ ᠰᠢ᠍ᠶᠠᠩ᠂ ᠦᠷᠡᠪᠠᠳ᠋ᠤ᠂ ᠰᠦ᠋ᠩ ᠯᠢ᠍ᠶᠠᠨ ᠡᠾᠦ᠋ᠢ᠂ ᠨᠠᠷᠢ᠍ᠨ ᠪᠢᠴᠢ᠍ᠭ᠌ ᠤᠨ ᠳᠠᠷᠤᠭ᠎ᠠ ᠯᠢ ᠴᠸᠩ ᠭᠦᠸᠸ ᠤᠷᠢ᠍ᠳ ᠬᠤᠵᠢ᠍ᠳ ᠪᠠᠶᠠᠷᠳ᠋ᠣᠬᠣᠰᠢ᠍ᠭᠣ ᠪᠠᠯᠭᠠᠰᠣ᠂ ᠠᠷᠣ ᠬᠦᠨᠳ᠋ᠡᠯᠡᠨ ᠪᠠᠯᠭᠠᠰᠤ᠂ ᠯᠦ᠋ᠪᠸᠢ ᠪᠠᠯᠭᠠᠰᠤ᠂ ᠦᠷᠭᠡᠨᠲᠠᠯ᠎ᠠ ᠲᠠᠷᠢ᠍ᠶᠠᠯᠠᠩ ᠤᠨ ᠲᠠᠯᠠᠪᠡᠢ᠂ ᠴᠢ᠍ᠨᠳ᠋ᠠᠮᠦᠨᠢ ᠰᠤᠮᠤ᠂ ᠦᠨᠡᠭᠡᠴᠢ ᠰᠤᠮᠤ ᠵᠡᠷᠭᠡ ᠭᠠᠵᠠᠷ ᠲᠣ ᠭᠦᠨᠵᠡᠭᠡᠢ᠌ᠷᠡᠵᠤ᠂ ᠠᠬᠠᠮᠠᠳ ᠨᠠᠮ ᠤᠨ ᠬᠡᠰᠢ᠍ᠬᠦᠨ᠂ ᠠᠬᠠᠮᠠᠳ ᠴᠡᠷᠢ᠍ᠭ᠌ ᠡᠴᠨ ᠪᠠᠨ ᠬᠠᠯᠠᠭᠳ᠋ᠠᠭᠰᠠᠳ ᠪᠠ ᠠᠮᠢ᠍ᠳ᠋ᠦᠷᠠᠯ ᠨᠢ ᠬᠦᠴᠢ᠍ᠷᠳ᠋ᠡᠯᠲᠠᠢ ᠬᠦᠮᠦᠰ ᠢ ᠪᠤᠯᠭᠤᠭᠠᠨ ᠲᠤᠬᠤᠨᠢᠭᠤᠯᠵᠤ᠂ᠳᠡᠳ᠋ᠡᠨᠤᠰ ᠲᠣ ᠨᠠᠮ ᠤᠨ ᠬᠠᠯᠠᠭᠤᠨ ᠲᠤᠯᠠᠭᠠᠨ ᠬᠠᠢ᠌ᠷ᠎ᠠ ᠬᠠᠯᠠᠮᠵᠢ ᠪᠠ ᠰᠢ᠍ᠨ᠎ᠠ ᠵᠢᠯ ᠤᠨ ᠪᠠᠶᠠᠷ ᠬᠦᠷᠭᠡᠪᠠ᠃

              

      ᠲᠤᠬᠤᠨᠢᠭᠤᠯᠬᠤ ᠲᠣᠮᠳ᠋ᠠ ᠪᠠᠶᠠᠨᠰᠠᠩ ᠵᠡᠷᠭᠡ ᠤᠳ᠋ᠤᠷᠢ᠍ᠳ᠋ᠤᠯᠭ᠎ᠠ ᠨᠡᠷ ᠡᠴᠨ ᠲᠡᠳ᠋ᠡᠨᠣᠰ ᠤᠨ ᠦᠢ᠍ᠯᠡᠣᠨᠪᠦᠷᠢ᠍ᠯᠡᠯ ᠠᠮᠢ᠍ᠳ᠋ᠣᠷᠡᠯ᠂ ᠭᠡᠷ ᠪᠦᠯᠢ ᠶᠢᠨ ᠪᠠᠢ᠌ᠳ᠋ᠡᠯ ᠢ ᠨᠠᠷᠢ᠍ᠨ ᠨᠢ᠍ᠭᠳ᠋ᠠ ᠣᠢ᠌ᠯᠠᠭᠠᠬᠣ ᠶᠢᠨ ᠬᠠᠮᠳ᠋ᠣ ᠲᠡᠳ᠋ᠡᠨᠣᠰ ᠢ ᠢᠳ᠋ᠡᠬᠡᠯ ᠵᠣᠷᠢ᠍ᠭ ᠶᠢᠡᠨ ᠬᠦᠪᠴᠢ᠍ᠯᠡᠨ᠂ ᠨᠠᠮ ᠵᠠᠰᠠᠭ ᠤᠨ ᠬᠠᠪᠰᠣᠷᠣᠯᠭ᠎ᠠ ᠪᠣᠯᠣᠨ ᠦᠪᠡᠷ ᠤᠨ ᠴᠢ᠍ᠷᠮᠠᠢ᠌ᠯᠭ᠎ᠠ ᠪᠠᠷ ᠶᠢᠡᠨ ᠡᠷᠳ᠋ᠡ ᠡᠳ᠋ᠣᠷ ᠶᠠᠳ᠋ᠠᠭᠣ ᠡᠴᠡ ᠪᠠᠨ ᠠᠩᠭᠢᠵᠢ᠍ᠷᠠᠵᠣ ᠪᠠᠶᠠᠵᠢ᠍ᠬᠣ ᠵᠢ ᠵᠣᠷᠢ᠍ᠭᠵᠢ᠍ᠭᠣᠯᠪᠠ᠃ ᠡᠯ᠎ᠠ ᠰᠠᠯᠠᠭ᠎ᠠ ᠮᠦ᠋ᠴᠢ᠍ᠷ ᠤᠨ ᠬᠠᠷᠢ᠍ᠭᠣᠴᠠᠯᠭᠠᠳ᠋ᠠᠣᠨ ᠢ ᠶᠠᠳ᠋ᠠᠭᠣ ᠬᠦᠴᠢ᠍ᠷᠳ᠋ᠡᠯᠳ᠋ᠠᠢ ᠣᠯᠠᠨ ᠲᠦ᠋ᠮᠡᠨ ᠢ ᠬᠠᠪᠰᠣᠷᠣᠨ ᠠᠮᠢ᠍ᠳ᠋ᠣᠷᠡᠯ ᠢ ᠨᠢ ᠰᠠᠢ᠌ᠵᠢ᠍ᠷᠠᠭᠣᠯᠵᠣ᠂ ᠳᠡᠳ᠋ᠡᠨᠣᠰ ᠤᠨ ᠬᠦᠴᠢ᠍ᠷᠳ᠋ᠡᠯ ᠢ ᠦᠨᠡᠨᠬᠦ ᠰᠢ᠌ᠣᠨᠪᠦᠷᠢ᠍ᠯᠡᠵᠣ᠂ ᠨᠠᠮ ᠵᠠᠰᠠᠭ ᠤᠨ ᠬᠠᠢ᠌ᠷ᠎ᠠ ᠬᠠᠯᠠᠮᠵᠢ ᠢ ᠬᠦᠷᠳ᠋ᠡᠬᠡᠬᠦ ᠬᠡᠷᠡᠭ᠍ᠳ᠋ᠠᠢ ᠭᠡᠵᠣ ᠱᠠᠭᠠᠷᠳ᠋ᠠᠭᠰᠠᠨ ᠪᠠᠢ᠌ᠨ᠎ᠠ᠃

             

      ᠰᠣᠮᠢ᠍ᠶ᠎ᠠ ᠵᠡᠷᠭᠡ ᠠᠬᠠᠮᠠᠳ ᠴᠡᠷᠢ᠍ᠭ᠌ ᠡᠴᠡ ᠪᠠᠨ ᠬᠠᠯᠠᠭᠳ᠋ᠠᠭᠰᠡᠳ ᠢ ᠪᠤᠯᠭᠤᠭᠠᠨ ᠲᠤᠬᠤᠨᠢᠭᠤᠯᠬᠤ ᠳᠤ᠂ ᠠᠷᠠᠣᠨ ᠤᠨ ᠲᠦ᠋ᠯᠣᠭᠡᠯᠡᠭ᠍ᠴᠢ᠍ᠣᠨ ᠤᠨ ᠶᠡᠬᠡ ᠬᠣᠷᠡᠯ ᠤᠨ ᠪᠠᠢ᠌ᠩᠭ᠋ᠣ ᠶᠢᠨ ᠬᠣᠷᠢ᠍ᠶᠠᠨ ᠤ ᠤᠳ᠋ᠤᠷᠢ᠍ᠳ᠋ᠤᠯᠭ᠎ᠠ ᠨᠡᠷ ᠡᠴᠨ ᠨᠠᠰᠣᠳ᠋ᠠᠨ ᠲᠡᠶ ᠲᠣᠳ᠋ᠣᠨᠣᠰᠣᠭ ᠶᠢᠡᠷ ᠶᠠᠷᠢ᠍ᠯᠴᠠᠵᠣ᠂ ᠨᠠᠰᠣᠳ᠋ᠠᠨ ᠤ ᠴᠡᠷᠢ᠍ᠭ᠌ ᠲᠣ ᠪᠠᠢᠭᠰᠠᠨ ᠦᠶ᠎ᠠ ᠶᠢᠨ ᠦᠩᠭᠡᠷᠡᠯᠳ᠋ᠡ ᠪᠣᠯᠣᠨ ᠡᠷᠡᠯᠬᠡᠭ᠌ ᠪᠠᠭᠠᠳ᠋ᠣᠷᠯᠢ᠍ᠭ ᠦᠢ᠍ᠯᠨ ᠶᠠᠪᠣᠳ᠋ᠠᠯ ᠢ ᠨᠠᠷᠢ᠍ᠨ ᠬᠢᠨᠠᠮᠠᠭᠠᠢ ᠰᠣᠨᠣᠰᠴᠣ᠂ ᠨᠠᠰᠣᠳ᠋ᠠᠨ ᠢ ᠪᠠᠶ᠎ᠠ ᠪᠠᠨ ᠰᠠᠢ᠌ᠳ᠋ᠤᠷ ᠭᠠᠮᠨᠠᠬᠣ ᠵᠢ ᠰᠠᠨᠠᠭᠣᠯᠬᠣ ᠶᠢᠨ ᠬᠠᠮᠳ᠋ᠣ ᠠᠷᠠᠣᠨ ᠤᠨ ᠶᠠᠪᠣᠳ᠋ᠡᠯ ᠤᠨ ᠠᠵᠢ᠍ᠯᠳ᠋ᠠᠣᠨ ᠢ ᠬᠠᠷᠠᠭᠠᠯᠵᠡᠯ ᠤᠨ ᠠᠵᠢ᠍ᠯ ᠢ ᠲᠡᠭᠡᠳ᠋ᠣ ᠬᠡᠮᠵᠢ᠍ᠶ᠎ᠠ ᠪᠠᠷ ᠴᠢ᠍ᠬᠤᠯᠴᠢ᠍ᠯᠠᠵᠤ᠂ ᠳᠡᠳ᠋ᠡᠨᠤᠰ ᠢ ᠢᠯᠡᠬᠦᠬᠡᠨ ᠬᠠᠷᠠᠭᠠᠯᠵᠠᠵᠣ᠂ ᠴᠠᠭ ᠲᠣᠬᠠᠢ ᠳ᠋ᠣᠨᠢ ᠣᠢ᠌ᠯᠠᠭᠠᠨ ᠬᠠᠪᠰᠣᠷᠴᠣ ᠠᠮᠢ᠍ᠳ᠋ᠣᠷᠡᠯ ᠳ᠋ᠥ ᠨᠢ ᠲᠣᠯᠭᠠᠷᠠᠵᠣ ᠪᠠᠢ᠌ᠭ᠎ᠠ ᠬᠦᠴᠢ᠍ᠷᠳ᠋ᠡᠯ ᠢ ᠰᠢ᠌ᠣᠨᠪᠦᠷᠢ᠍ᠯᠡᠵᠣ᠂ᠨᠠᠰᠣᠳ᠋ᠠᠣᠨ ᠢ ᠦᠳ᠋ᠡᠯᠡᠬᠡ ᠨᠠᠰᠣ ᠶᠢᠡᠨ ᠲᠠᠭᠠᠳ᠋ᠠᠢ ᠦᠩᠭᠡᠷᠡᠬᠦᠯᠬᠦ ᠶᠢ ᠪᠠᠳ᠋ᠤᠯᠠᠬᠤ ᠬᠡᠷᠡᠭ᠍ᠳ᠋ᠠᠢ ᠭᠡᠵᠣ ᠱᠠᠭᠠᠷᠳ᠋ᠠᠭᠰᠡᠨ ᠪᠠᠢ᠌ᠨ᠎ᠠ᠃

            

       ᠪᠠᠶᠠᠷᠳ᠋ᠣᠬᠣᠰᠢ᠍ᠭᠣ ᠪᠠᠯᠭᠠᠰᠣ ᠶᠢᠨ ᠨᠠᠰᠣᠳ᠋ᠠᠢ᠌ᠴᠣᠣᠨ ᠤᠨ ᠠᠰᠠᠷᠡᠮᠵᠢ ᠶᠢᠨ ᠬᠦᠷᠢ᠍ᠶᠡᠯᠡᠩ ᠳ᠋ᠥ᠂ ᠪᠠᠶᠠᠨᠰᠠᠩ ᠬᠦᠳ᠋ᠡᠯᠬᠡᠬᠡᠨ ᠤ ᠲᠠᠰᠣᠭ ᠪᠣᠯᠣᠨ ᠨᠠᠰᠣᠳ᠋ᠠᠢ᠌ᠴᠣᠣᠨ ᠤᠨ ᠪᠠᠢ᠌ᠷᠢ ᠢ ᠨᠠᠷᠢ᠍ᠨ ᠬᠢᠨᠠᠮᠠᠭᠠᠢ ᠪᠠᠢ᠌ᠴᠠᠭᠠᠨ ᠦᠵᠡᠵᠣ᠂ ᠨᠠᠰᠣᠳ᠋ᠠᠢ᠌ᠴᠣᠣᠨ ᠤᠨ ᠡᠳ᠋ᠣᠷ ᠲᠣᠳ᠋ᠣᠮ ᠤᠨ ᠠᠮᠢ᠍ᠳ᠋ᠣᠷᠡᠯ ᠵᠢᠴᠢ ᠨᠠᠰᠣᠳ᠋ᠠᠢ᠌ᠴᠣᠣᠨ ᠤᠨ ᠠᠰᠠᠷᠡᠮᠵᠢ ᠶᠢᠨ ᠬᠦᠷᠢ᠍ᠶᠡᠯᠡᠩ ᠤᠨ ᠬᠠᠮᠢ᠍ᠶᠠᠷᠣᠯᠳ᠋ᠡ ᠵᠡᠷᠭᠡ ᠪᠠᠢ᠌ᠳ᠋ᠡᠯ ᠢ ᠨᠠᠷᠢ᠍ᠨ ᠨᠢ᠍ᠭᠳ᠋ᠠ ᠯᠠᠪᠯᠡᠨ ᠠᠰᠠᠭᠣᠪᠠ᠃ ᠪᠠᠶᠠᠨᠰᠠᠩ ᠱᠠᠭᠠᠷᠳ᠋ᠠᠭᠰᠡᠨ ᠨᠢ᠂ ᠡᠯ᠎ᠠ ᠬᠠᠮᠢ᠍ᠶ᠎ᠠ ᠪᠦᠬᠦᠢ ᠰᠠᠯᠠᠭ᠎ᠠ ᠮᠦ᠋ᠴᠢ᠍ᠷ ᠨᠠᠰᠣᠳ᠋ᠠᠢ᠌ᠴᠣᠣᠨ ᠤᠨ ᠠᠰᠠᠷᠡᠮᠵᠢ ᠶᠢᠨ ᠬᠦᠷᠢᠶᠡᠯᠡᠩ ᠤᠨ ᠬᠠᠮᠢ᠍ᠶᠠᠷᠣᠯᠳ᠋ᠠ ᠢ ᠴᠢ᠍ᠩᠭ᠋ᠣᠨᠬᠠᠨ᠂ᠲᠦ᠋ᠷᠢ᠍ᠮ ᠲᠣᠭᠳ᠋ᠠᠭᠠᠯ ᠢ ᠲᠡᠬᠦᠯᠳ᠋ᠡᠷᠵᠢ᠍ᠬᠦᠯᠵᠣ᠂ ᠠᠵᠢ᠍ᠯ ᠪᠠᠨ ᠰᠠᠢ᠌ᠵᠢ᠍ᠷᠠᠭᠣᠯᠬᠣ ᠢ ᠦᠷᠬᠦᠯᠵᠢ᠍ᠯᠡᠨ ᠴᠢ᠍ᠩᠭ᠋ᠣᠨᠬᠠᠵᠣ᠂ ᠨᠡᠩ ᠲᠠᠭᠠᠯᠠᠮᠵᠢ᠍ᠳ᠋ᠠᠢ ᠠᠮᠢ᠍ᠳ᠋ᠣᠷᠡᠯ ᠤᠨ ᠣᠷᠴᠢ᠍ᠨ ᠲᠣᠭᠣᠷᠢ᠍ᠨ ᠢ ᠡᠬᠦᠳ᠋ᠣᠨ ᠪᠦᠳ᠋ᠣᠬᠡᠵᠣ᠂ᠨᠠᠰᠣᠳ᠋ᠠᠢ᠌ᠴᠣᠣᠨ ᠢ ᠵᠣᠯ ᠵᠢᠷᠭᠠᠯ ᠲᠡᠶ ᠪᠠᠷ ᠦᠳ᠋ᠡᠯᠡᠬᠡ ᠨᠠᠰᠣᠨ ᠤ ᠠᠮᠢ᠍ᠳ᠋ᠣᠷᠡᠯ ᠶᠢᠡᠨ ᠦᠩᠭᠡᠷᠡᠬᠡᠬᠦ ᠢ ᠪᠠᠳ᠋ᠣᠯᠠᠬᠣ ᠬᠡᠷᠡᠭ᠍ᠳ᠋ᠠᠢ ᠭᠡᠵᠠᠢ᠃

          

    ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ ᠠᠵᠢ᠍ᠯ ᠡᠴᠡ ᠪᠠᠨ ᠠᠮᠠᠷᠠᠵᠤ᠂ ᠠᠵᠢ᠍ᠯ ᠡᠴᠡ ᠪᠠᠨ ᠳᠠᠷᠬᠠᠯᠠᠭᠳ᠋ᠠᠭᠰᠠᠨ ᠠᠬᠠᠮᠠᠳ ᠺᠠᠲᠷᠴᠤᠳ ᠰᠠᠢ᠌ᠨᠪᠠᠶᠠᠷ ᠂  ᠳᠠᠮᠪᠠᠷᠢ᠍ᠨᠴᠢ᠍ᠨ᠂ ᠵᠠᠩ ᠢᠦᠢ ᠸᠧᠨ  ᠤ ᠭᠡᠷ ᠲᠤ᠂ ᠪᠠᠶᠠᠨᠰᠠᠩ ᠵᠡᠷᠭᠡ ᠤᠳ᠋ᠤᠷᠢ᠍ᠳ᠋ᠤᠯᠭ᠎ᠠ ᠨᠠᠰᠤᠲᠠᠨ ᠲᠡᠶ ᠲᠤᠨᠤᠰᠤᠭ ᠶᠢᠡᠷ ᠶᠠᠷᠢ᠍ᠯᠴᠠᠨ᠂ ᠳᠡᠳ᠋ᠡᠨᠤᠰ ᠶᠢᠨ ᠠᠮᠢ᠍ᠳ᠋ᠤᠷᠠᠯ ᠪᠠ ᠪᠡᠶ᠎ᠠ ᠮᠠᠬᠠᠪᠤᠳ  ᠤᠨ ᠪᠠᠢ᠌ᠳ᠋ᠠᠯ ᠢ ᠨᠢ ᠠᠰᠠᠭᠤᠨ ᠯᠠᠪᠯᠡᠵᠤ᠂ ᠨᠠᠰᠤᠳ᠋ᠠᠳ ᠤᠨ ᠪᠦᠬᠦ ᠬᠤᠰᠢ᠍ᠭᠤᠨ ᠤ ᠠᠵᠤ ᠠᠬᠤᠢ ᠨᠡᠢ᠌ᠭᠡᠮ ᠪᠠ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠡᠯ᠎ᠠ ᠲᠦ᠋ᠷᠦᠯ ᠦᠨ ᠠᠵᠢ᠍ᠯ ᠤᠨ ᠲᠤᠬᠠᠢ ᠰᠠᠨᠠᠯ ᠵᠦ᠋ᠪᠯᠡᠯᠭᠡ ᠶᠢ ᠨᠠᠷᠢ᠍ᠯᠢ᠍ᠭ ᠰᠤᠨᠤᠰᠪᠠ᠃

          


           


         


ᠡᠮᠦᠨᠡᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠣᠷᠡᠯ ᠤᠨ ᠪᠠᠢ᠌ᠩᠭ᠋ᠤ ᠶᠢᠨ ᠬᠤᠷᠢ᠍ᠶᠠᠨ ᠤ ᠡᠷᠬᠢᠯᠡᠭ᠍ᠴᠢ ᠪᠠᠶᠠᠨᠰᠠᠩ ᠦᠨᠳ᠋ᠦᠰᠦᠨ ᠱᠠᠳ᠋ᠤᠨ ᠳᠤ ᠭᠦᠨᠵᠡᠭᠡᠢ᠌ᠷᠡᠵᠤ ᠠᠶᠤᠯᠭᠦᠢ ᠦᠢ᠍ᠯᠡᠳᠪᠦᠷᠢ᠍ᠯᠡᠯ ᠤᠨ ᠠᠵᠢ᠍ᠯ ᠢ ᠪᠠᠢ᠌ᠴᠠᠭᠠᠭᠰᠠᠨ
ᠳᠠᠷᠠᠭᠠᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠴᠠᠭᠠᠨ ᠰᠠᠷ᠎ᠠ ᠡᠴᠡ ᠡᠮᠦᠨᠡᠬᠢ ᠠᠵᠢ᠍ᠯ ᠤᠨ ᠪᠠᠢ᠌ᠷᠢ᠍ᠯᠠᠭᠤᠯᠤᠯᠳ᠋ᠠ ᠶᠢᠨ ᠬᠤᠷᠠᠯ ᠬᠤᠷᠠᠯᠳ᠋ᠤᠭᠤᠯᠤᠭᠰᠠᠨ