ᠪᠦᠬᠦ ᠤᠯᠤᠰ ᠤᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠲᠦ᠋ᠯᠦᠭᠡᠯᠡᠭ᠍ᠴᠢ ᠡᠦ ᠶᠦ᠋ᠨ ᠪᠥᠸᠸ ᠄ᠶᠡᠷᠤᠨᠭ᠍ᠭᠡᠢ ᠱᠦ᠋ᠵᠢ ᠶᠢᠨ ᠵᠢ᠍ᠭᠠᠬᠰᠠᠨ ᠵᠠᠮ ᠶᠢᠡᠷ ᠢᠳ᠋ᠡᠭᠡᠯ ᠲᠡᠭᠦᠯᠳ᠋ᠡᠷ ᠤᠷᠤᠬᠰᠢ᠍ᠯᠠᠨᠠ
————ᠠᠷᠪᠠᠨ ᠭᠤᠷᠪᠠᠳ᠋ᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠤᠨ
ᠬᠤᠶᠠᠳ᠋ᠤᠭᠠᠷ ᠬᠤᠷᠠᠯ ᠳᠤ ᠤᠷᠤᠯᠴᠠᠬᠰᠠᠨ ᠲᠦ᠋ᠯᠦᠭᠡᠯᠡᠭ᠍ᠴᠢ ᠡᠤ ᠶᠤᠢ᠍ᠨ ᠪᠦᠸᠸ ᠪᠤᠴᠠᠵᠦ ᠢᠷᠡᠮᠡᠭ᠍ᠴᠡ ᠤᠬᠠᠭᠤᠯᠭ᠎ᠠ ᠲᠠᠢᠯᠤᠮᠵᠢ ᠭᠢᠭ᠍ᠰᠡᠨ ᠳᠤᠬᠠᠢ ᠲᠠᠳ᠋ᠠᠯᠠᠭᠠ
3 ᠰᠠᠷ᠎ᠠ ᠶᠢᠨ 16᠋ ᠤ ᠡᠳ᠋ᠦᠷ ᠤᠨ ᠦᠷᠯᠦᠬᠡ ᠶᠢᠨ 7 ᠴᠠᠭ ᠲᠤ᠂ ᠠᠷᠪᠠᠨ ᠭᠤᠷᠪᠠᠳ᠋ᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠤᠨ ᠬᠤᠶᠠᠳ᠋ᠤᠭᠠᠷ ᠬᠤᠷᠠᠯ ᠳᠤ ᠤᠷᠤᠯᠴᠠᠭᠰᠠᠨ ᠲᠦ᠋ᠯᠦᠬᠡᠯᠡᠭ᠍ᠴᠢ ᠡᠦ ᠶᠦ᠋ᠨ ᠪᠦᠧᠧ ᠪᠡᠭᠡᠵᠢ᠍ᠡᠭ᠌ ᠤᠨ ᠨᠠᠨ ᠶᠤᠸᠠᠨ ᠨᠢ᠍ᠰᠭᠡᠯ ᠤᠨ ᠪᠠᠭᠤᠳ᠋ᠠᠯ ᠡᠴᠡ ᠵᠦ᠋ᠡᠭ᠌ ᠯᠢ᠍ᠶᠠᠨ ᠠᠭᠠᠷ ᠤᠨ ᠠᠶᠠᠯᠠᠯ ᠤᠨ KN2917ᠡᠭᠡᠯᠵᠢ ᠶᠢᠨ ᠨᠢ᠍ᠰᠭᠡᠯ ᠶᠢᠡᠷ ᠲᠦ᠋ᠷᠦᠭ᠍ᠰᠡᠨ ᠨᠤᠲᠤᠭ ᠲᠦᠩᠯᠢᠶᠤᠤ ᠬᠤᠲᠠ ᠪᠠᠨ ᠴᠢᠭ᠍ᠯᠡᠯᠠ᠃ ᠮᠦ᠋ᠨᠭ᠍ᠭᠦᠨ ᠨᠢ᠍ᠰᠭᠡᠯ ᠰᠠᠯᠬᠢ ᠶᠢ ᠰᠦ᠋ᠷᠦᠨ ᠬᠤᠷᠳ᠋ᠤᠯᠠᠭᠰᠠᠨ ᠴᠤ ᠲᠡᠬᠦᠨ ᠳᠤ ᠮᠦ᠋ᠨ ᠤᠳ᠋ᠠᠭᠠᠨ ᠮᠡᠲᠦ ᠰᠠᠨᠠᠭᠳ᠋ᠠᠬᠤ ᠶᠢ ᠶᠠᠭᠠᠬᠢᠨ᠎ᠡ᠂ ᠠᠢ᠌ᠯ ᠤᠰᠤᠨ ᠤ ᠬᠢᠨ ᠳ᠋ᠠᠭᠠᠨ ᠶᠡᠷᠦᠨᠭ᠍ᠭᠡᠢ ᠱᠦ᠋ᠵᠢ ᠶᠢᠨ ᠬᠦᠰᠡᠯ ᠨᠠᠢ᠌ᠳ᠋ᠠᠯᠭ᠎ᠠ ᠶᠢ ᠳᠠᠮᠵᠢ᠍ᠭᠤᠯᠬᠤ ᠪᠠᠷ ᠶᠠᠭᠠᠷᠠᠭᠰᠠᠨ ᠲᠡᠬᠦᠨ ᠤ ᠰᠡᠳᠬᠢᠯ ᠬᠡᠳ᠋ᠦᠢ᠌ᠨ ᠵᠢ᠍ᠬᠦᠷ ᠤᠷᠭᠤᠭᠠᠳ ᠨᠢ᠍ᠰᠴᠡᠢ᠃




ᠶᠡᠷᠦᠨᠭ᠍ᠭᠡᠢ ᠱᠦ᠋ᠵᠢ ᠲᠡᠶ ᠶᠠᠷᠢ᠍ᠯᠴᠠᠭᠰᠠᠨ ᠶᠢᠡᠨ ᠪᠤᠳ᠋ᠤᠬᠤ ᠪᠦᠷᠢ ᠲᠡᠷᠡ ᠦᠪᠡᠷ ᠤᠨ ᠡᠷᠬᠡ ᠦᠬᠡᠢ ᠬᠦᠭ᠍ᠰᠡᠨ ᠳᠤᠭᠳ᠋ᠤᠯᠵᠦ᠂ ᠲᠡᠰᠭᠡᠯ ᠦᠬᠡᠢ ᠪᠠᠢ᠌ᠨ ᠪᠠᠢ᠌ᠨ ᠵᠤᠤᠮᠠᠯᠵᠠᠵᠦ ᠯᠠ ᠪᠠᠢ᠌ᠯ᠎ᠠ᠃ᠦᠨᠡᠨ ᠢ ᠬᠡᠯᠡᠪᠡᠯ ᠡᠦ ᠶᠦ᠋ᠨ ᠪᠦᠧᠧ ᠶᠡᠷᠦᠨᠭ᠍ᠭᠡᠢ ᠱᠦ᠋ᠵᠢ ᠲᠡᠶ ᠠᠨᠭ᠍ᠬ᠎ᠠ ᠠᠭᠤᠯᠵᠠᠵᠦ ᠪᠠᠢ᠌ᠬᠤ ᠪᠢᠰᠢ᠂ 2018 ᠤᠨ ᠤ1 ᠰᠠᠷ᠎ᠠ ᠶᠢᠨ 30᠋ ᠤ ᠡᠳ᠋ᠦᠷ ᠠᠷᠪᠠᠨ ᠭᠤᠷᠪᠠᠳ᠋ᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠤᠨ ᠲᠦ᠋ᠯᠦᠬᠡᠯᠡᠭ᠍ᠴᠢ ᠪᠠᠷ ᠰᠤᠨᠭ᠍ᠭᠤᠭᠳ᠋ᠠᠭᠰᠠᠨ ᠲᠡᠷᠡ ᠪᠠᠷ 2018ᠤᠨ ᠤ 3 ᠰᠠᠷ᠎ᠠ ᠶᠢᠨ 2᠋ ᠤ ᠡᠳ᠋ᠦᠷ᠂ ᠪᠦᠬᠦ ᠤᠯᠤᠰ ᠤᠨ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠤᠨ ᠲᠦ᠋ᠯᠦᠬᠡᠯᠡᠭ᠍ᠴᠢ ᠶᠢᠨ ᠬᠤᠪᠢ ᠪᠠᠷ ᠪᠡᠭᠡᠵᠢ᠍ᠡᠭ᠌ ᠳᠤ ᠬᠦᠷᠴᠦ᠂ ᠠᠷᠪᠠᠨ ᠭᠤᠷᠪᠠᠳ᠋ᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠤᠨ ᠨᠢ᠍ᠬᠡᠳ᠋ᠦᠬᠡᠷ ᠬᠤᠷᠠᠯ ᠳᠤ ᠤᠷᠤᠯᠴᠠᠬᠤ ᠳ᠋ᠠᠭᠠᠨ ᠰᠢ ᠶᠢᠨ ᠫᠢᠩ᠌ ᠶᠡᠷᠦᠨᠭ᠍ᠭᠡᠢ ᠱᠦ᠋ᠵᠢ ᠲᠡᠶ ᠠᠭᠤᠯᠵᠠᠵᠦ ᠪᠠᠢ᠌ᠵᠠᠢ᠃ᠭᠡᠲᠡᠯ᠎ᠠ ᠡᠨᠡ ᠤᠳ᠋ᠠᠭ᠎ᠠ ᠦᠰᠦᠳ ᠦᠬᠡᠷ᠎ᠠ ᠪᠠᠢ᠌ᠭᠰᠠᠨ ᠪᠢᠯᠠ᠃ ᠳᠡᠭᠡᠷ᠎ᠠ ᠵᠢ᠍ᠯ ᠶᠡᠷᠦᠨᠭ᠍ᠭᠡᠢ ᠱᠦ᠋ᠵᠢ ᠲᠡᠶ ᠨᠢ᠍ᠬᠡ ᠮᠦ᠋ᠷ ᠳᠡᠭᠡᠷ᠎ᠠ ᠨᠢ᠍ᠬᠡ ᠬᠦᠮᠦᠨ ᠠᠯᠤᠰᠯᠠᠨ ᠰᠠᠭᠤᠭᠰᠠᠨ ᠪᠤᠯ ᠡᠨᠡ ᠤᠳ᠋ᠠᠭ᠎ᠠ ᠲᠡᠷᠡ ᠬᠠᠷᠢ᠍ᠨ ᠶᠠᠭ ᠰᠠᠶᠢ᠍ᠬᠠᠨ ᠶᠡᠷᠦᠨᠭ᠍ᠭᠡᠢ ᠱᠦ᠋ᠵᠢ ᠲᠡᠶ ᠨᠢ᠍ᠭᠤᠷ ᠡᠰᠡᠷᠬᠦᠯᠡᠨ ᠰᠠᠭᠤᠵᠠᠢ᠃ ᠡᠨᠡ ᠤᠳ᠋ᠠᠭ᠎ᠠ ᠲᠡᠷᠡ ᠪᠠᠰᠠ ᠦᠨᠳ᠋ᠦᠰᠦᠨ ᠱᠠᠲᠤᠨ ᠡᠴᠡ ᠢᠷᠡᠭ᠍ᠰᠡᠨ ᠲᠦ᠋ᠯᠦᠬᠡᠯᠡᠭ᠍ᠴᠢ ᠶᠢᠨ ᠬᠤᠪᠢ ᠪᠠᠷ ᠶᠡᠷᠦᠨᠭ᠍ᠭᠡᠢ ᠱᠦ᠋ᠵᠢ ᠳᠤ ᠠᠵᠢ᠍ᠯ ᠤᠨ ᠬᠠᠷᠢ᠍ᠭᠤ ᠮᠡᠳ᠋ᠡᠬᠦᠯᠦᠯᠲᠡ ᠬᠢᠵᠦ ᠨᠢ᠍ᠭᠤᠷᠳ᠋ᠠᠨ ᠶᠠᠷᠢ᠍ᠯᠴᠠᠬᠤ ᠵᠠᠪᠰᠢ᠍ᠶᠠᠨ ᠤᠯᠤᠭᠰᠠᠨ ᠪᠦᠬᠡᠳ ᠳᠠᠭᠠᠦ ᠳ᠋ᠤᠨᠢ ᠭᠠᠴᠠᠭᠠᠨ ᠤ ᠤᠯᠠᠨ ᠲᠦ᠋ᠮᠡᠨ ᠶᠢᠡᠨ ᠲᠦ᠋ᠯᠦᠬᠡᠯᠡᠨ ᠶᠡᠷᠦᠨᠭ᠍ᠭᠡᠢ ᠱᠦ᠋ᠵᠢ ᠳᠤ《 ᠤᠷᠢ᠍ᠯᠭᠠ ᠲᠠᠯᠪᠢᠵᠦ》ᠠᠮᠵᠢ᠍ᠵᠠᠢ᠃





ᠡᠦ ᠶᠦ᠋ᠨ ᠪᠦᠧᠧ ᠶᠢᠨ ᠬᠠᠷᠢ᠍ᠭᠤ ᠮᠡᠳ᠋ᠡᠬᠦᠯᠦᠯᠲᠡ ᠬᠢᠬᠦ ᠡᠬᠡᠯᠵᠢ ᠪᠤᠯᠬᠤ ᠳᠤ᠂ ᠲᠡᠷᠡ ᠡᠡᠭ᠌ ᠲᠡᠷᠢ᠍ᠬᠦᠨ ᠳᠤ《 ᠶᠡᠷᠦᠨᠭ᠍ᠭᠡᠢ ᠱᠦ᠋ᠵᠢ ᠲᠠ ᠰᠠᠢ᠌ᠨ ᠪᠠᠢ᠌ᠨ᠎ᠠ ᠦᠦ》ᠭᠡᠵᠦ ᠡᠬᠡ ᠮᠤᠨᠭ᠍ᠭᠤᠯ ᠬᠡᠯᠡ ᠪᠠᠷ ᠶᠢᠡᠨ ᠮᠡᠨᠳ᠋ᠦᠴᠢ᠍ᠯᠡᠯ ᠳᠡᠪᠰᠢ᠍ᠬᠦᠯᠦᠨ᠂ ᠳᠠᠷᠠᠭ᠎ᠠ ᠳ᠋ᠤᠨᠢ ᠬᠢᠲᠠᠳ ᠶᠢᠡᠷ ᠬᠡᠯᠡᠵᠡᠢ᠃ ᠲᠡᠷᠡ ᠪᠠᠷ ᠬᠠᠷᠢ᠍ᠭᠤ ᠮᠡᠳ᠋ᠡᠬᠦᠯᠦᠯᠲᠡ ᠪᠠᠨ《 ᠮᠠᠨ ᠤ ᠭᠠᠴᠠᠭᠠᠨ ᠤ ᠠᠷᠠᠳ ᠲᠦ᠋ᠮᠡᠨ ᠲᠠᠨ ᠢ ᠮᠠᠰᠢ ᠶᠡᠬᠡ ᠬᠠᠢ᠌ᠷᠠᠯᠠᠨ ᠬᠦᠨᠳ᠋ᠦᠳᠭᠡᠳ᠋ᠡᠭ᠌》ᠭᠡᠵᠦ ᠡᠬᠢᠯᠡᠨ᠂《 ᠮᠠᠨ ᠤ ᠭᠠᠴᠠᠭᠠᠨ ᠤ ᠠᠷᠠᠳ ᠲᠦ᠋ᠮᠡᠨ ᠦᠨᠡᠨ ᠰᠡᠳᠬᠢᠯ ᠡᠴᠡ ᠪᠠᠨ ᠲᠠᠨ ᠢ ᠭᠠᠴᠠᠭᠠᠨ ᠳ᠋ᠠᠭᠠᠨ ᠤᠷᠢ᠍ᠵᠦ ᠪᠠᠢ᠌ᠨ᠎ᠠ》ᠭᠡᠵᠦ ᠤᠷᠢ᠍ᠯᠭᠠ ᠲᠠᠯᠪᠢᠨ ᠬᠠᠷᠢ᠍ᠭᠤ ᠮᠡᠳ᠋ᠡᠬᠦᠯᠦᠯᠲᠡ ᠪᠠᠨ ᠲᠡᠭᠦᠰᠭᠡᠪᠡ᠃ᠶᠡᠷᠦᠨᠭ᠍ᠭᠡᠢ ᠱᠦ᠋ᠵᠢ ᠲᠡᠬᠦᠨ ᠡᠴᠡ《 ᠲᠠᠨ ᠤ ᠭᠠᠴᠠᠭ᠎ᠠ ᠳᠤ ᠶᠠᠭᠠᠬᠢᠵᠦ ᠶᠠᠪᠤᠳ᠋ᠠᠭ ᠪᠤᠢ︖》ᠭᠡᠵᠦ ᠠᠰᠠᠭᠤᠬᠤ ᠳᠤ᠂《 ᠨᠢ᠍ᠰᠭᠡᠯ᠂ ᠲᠦ᠋ᠷᠭᠡᠨ ᠤ ᠵᠠᠮ᠂ ᠭᠠᠯᠲᠤ ᠲᠡᠷᠭᠡ᠂ ᠮᠠᠰᠢ᠍ᠨ ᠲᠡᠷᠭᠡ ᠪᠦᠷ ᠬᠦᠷᠦᠨ᠎ᠠ》ᠭᠡᠰᠡᠨ ᠳᠤ ᠬᠤᠷᠠᠯ ᠤᠨ ᠲᠠᠯᠠᠪᠠᠢ ᠶᠢᠨ ᠪᠦᠬᠦ ᠭᠦᠮᠤᠰ ᠬᠦᠷᠴᠢ᠍ᠬᠢᠨᠡᠲᠡᠯᠠ ᠢᠨᠢᠶᠯᠡᠴᠡᠭᠰᠨᠨ ᠪᠦᠬᠡᠳ ᠰᠢ ᠶᠢᠨ ᠫᠢᠩ᠌ ᠶᠡᠷᠦᠨᠭ᠍ᠭᠡᠢ ᠱᠦ᠋ᠵᠢ ᠳᠠᠬᠢᠨ《 ᠨᠠᠳ᠋ᠠᠳ᠋ᠤ ᠵᠠᠮ ᠶᠢᠡᠨ ᠵᠢ᠍ᠭᠠᠵᠦ ᠦᠭ᠍ᠬᠦᠭᠡᠷᠡᠢ》ᠬᠡᠬᠦᠯᠡᠷ ᠨᠢ ᠡᠦ ᠶᠦ᠋ᠨ ᠪᠦᠧᠧ᠄《 ᠪᠡᠭᠡᠵᠢ᠍ᠡᠭ᠌ ᠡᠴᠡ ᠲᠦᠩᠯᠢᠶᠤᠤ ᠨᠢ᠍ᠰᠭᠡᠯ ᠤᠨ ᠪᠠᠭᠤᠳ᠋ᠠᠯ ᠳᠤ ᠪᠠᠭᠤᠪᠠᠯ ᠪᠢ ᠲᠠᠨ ᠢ ᠲᠤᠰᠤᠶ᠎ᠠ》ᠭᠡᠰᠡᠨ ᠳᠤ ᠪᠦᠬᠦᠳ᠋ᠡᠭᠡᠷ ᠶᠢᠠᠨ ᠪᠠᠰᠠ ᠨᠢ᠍ᠬᠡ ᠤᠳ᠋ᠠᠭ᠎ᠠ ᠨᠢ᠍ᠷ ᠭᠡᠲᠡᠯ᠎ᠠ ᠢᠨᠢᠶᠡᠯᠴᠡᠵᠠᠢ᠃ ᠶᠡᠷᠦᠨᠭ᠍ᠭᠡᠢ ᠱᠦ᠋ᠵᠢ ᠪᠠᠰᠠ ᠲᠡᠬᠦᠨ ᠢ ᠨᠡᠷ᠎ᠠ ᠲᠡᠮᠲᠡᠭ᠌ ᠶᠢᠡᠨ ᠰᠠᠢ᠌ᠲᠤᠷ ᠡᠬᠦᠳᠬᠦ ᠶᠢ ᠵᠤᠷᠢ᠍ᠭᠵᠢ᠍ᠭᠤᠯᠤᠭᠰᠠᠨ ᠪᠦᠬᠡᠳ ᠠᠮᠢ ᠠᠬᠤᠢ ᠪᠠᠷ ᠤᠷᠢ᠍ᠳ᠋ᠠᠯ ᠨᠦ᠋ᠬᠦᠴᠡᠯ ᠪᠤᠯᠭᠠᠵᠦ᠂ ᠪᠤᠬᠢᠷᠳ᠋ᠤᠯ ᠦᠬᠡᠢ ᠬᠦᠭ᠍ᠵᠢ᠍ᠯᠲᠡ ᠪᠠᠷ ᠵᠢ᠍ᠯᠤᠭᠤᠳ᠋ᠤᠯᠭᠠ ᠪᠤᠯᠭᠠᠭᠰᠠᠨ ᠴᠢ᠍ᠨᠠᠷ ᠰᠠᠢᠳᠠᠢ ᠬᠦᠭ᠍ᠵᠢ᠍ᠯᠲᠡ ᠶᠢᠨ ᠰᠢ᠍ᠨ᠎ᠠ ᠵᠠᠮ ᠢ ᠡᠷᠢ᠍ᠯᠬᠢᠯᠡᠬᠦ ᠬᠡᠷᠡᠭ᠍ᠲᠡᠢ ᠭᠡᠵᠦ ᠱᠠᠭᠠᠷᠳ᠋ᠠᠵᠠᠢ᠃ ᠬᠤᠷᠠᠯ ᠳᠠᠭᠤᠰᠤᠭᠰᠠᠨ ᠤ ᠳᠠᠷᠠᠭ᠎ᠠ᠂ ᠶᠡᠷᠦᠨᠭ᠍ᠭᠡᠢ ᠱᠦ᠋ᠵᠢ ᠲᠦ᠋ᠯᠦᠬᠡᠯᠡᠭ᠍ᠴᠢ᠍ᠳ ᠲᠡᠶ ᠨᠢ᠍ᠬᠡᠳ ᠨᠢ᠍ᠬᠡ ᠪᠠᠷ ᠭᠠᠷ ᠠᠳᠬᠤᠨ ᠰᠠᠯᠤᠯᠴᠠᠬᠤ ᠪᠤᠯᠪᠠ᠃ ᠡᠦ ᠶᠦ᠋ᠨ ᠪᠦᠧᠧ ᠶᠢ ᠦᠵᠡᠬᠡᠳ ᠶᠡᠷᠦᠨᠭ᠍ᠭᠡᠢ ᠱᠦ᠋ᠵᠢ ᠢᠨᠢᠶᠡᠴᠡᠭᠡᠪᠡ᠃《 ᠪᠢᠲᠠᠨ ᠤ ᠶᠠᠷᠢ᠍ᠭᠰᠠᠨ ᠦᠬᠡᠷ ᠤᠨ ᠮᠢ᠍ᠬᠠᠨ ᠳᠤ ᠮᠠᠰᠢ ᠬᠦᠨ ᠰᠠᠭᠤᠭᠳ᠋ᠠᠯ ᠲᠡᠶ》ᠭᠡᠵᠦ ᠬᠡᠯᠡᠬᠡᠳ ᠭᠠᠷ ᠠᠳᠬᠤᠬᠤ ᠵᠠᠭᠤᠷ᠎ᠠ ᠡᠦ ᠶᠦ᠋ᠨ ᠪᠦᠧᠧ ᠦᠪᠡᠷ ᠤᠨ ᠵᠡᠬᠦᠵᠦ ᠪᠠᠢ᠌ᠭᠰᠠᠨ ᠬᠤᠷᠰᠢ᠍ᠶᠠᠵᠢ᠍ᠯ ᠤᠨ ᠶᠢᠡᠨ LOGOᠪᠠᠨ ᠠᠪᠴᠦ ᠶᠡᠷᠦᠨᠭ᠍ᠭᠡᠢ ᠱᠦ᠋ᠵᠢ ᠳᠤ ᠪᠡᠯᠡᠭ᠌ ᠪᠤᠯᠭᠠᠨ ᠪᠠᠷᠢ᠍ᠪᠠ᠃ ᠶᠡᠷᠦᠨᠭ᠍ᠭᠡᠢ ᠱᠦ᠋ᠵᠢ ᠲᠤᠰᠴᠦ ᠠᠪᠤᠭᠠᠳ ᠡᠦ ᠶᠦ᠋ᠨ ᠪᠦᠧᠧ ᠶᠢ ᠲᠠᠢ᠌ᠯᠪᠤᠷᠢ᠍ᠯᠠᠵᠦ ᠠᠮᠵᠢ᠍ᠬᠤ ᠡᠴᠡ ᠡᠮᠦᠨ᠎ᠠ ᠳᠡᠭᠡᠷᠡᠬᠢ ᠦᠰᠦᠭ᠌ ᠢ ᠨᠢ ᠤᠨᠭ᠍ᠰᠢ᠍ᠵᠦ ᠪᠠᠢ᠌ᠯ᠎ᠠ᠃《 ᠡᠨᠡ ᠪᠤᠯ ᠮᠠᠨ ᠤ ᠬᠤᠷᠰᠢ᠍ᠶᠠᠵᠢ᠍ᠯ ᠤᠨ ᠡᠨᠭ᠍ᠭᠡᠷ ᠤᠨ ᠫᠠᠢ᠌ᠰᠠ᠂ ᠳᠡᠭᠡᠷᠡᠬᠢ ᠨᠤᠭᠤᠭᠠᠨ ᠦᠨᠭ᠍ᠭᠡ ᠨᠢ ᠪᠤᠬᠢᠷᠳ᠋ᠤᠯ ᠦᠬᠡᠢ ᠬᠦᠭ᠍ᠵᠢ᠍ᠯᠲᠡ ᠶᠢ ᠲᠦ᠋ᠯᠦᠬᠡᠯᠡᠵᠦ᠂ ᠰᠢ᠍ᠷ᠎ᠠ ᠦᠨᠭ᠍ᠭᠡ ᠨᠢ ᠡᠯᠪᠡᠭ᠌ ᠬᠤᠷᠢ᠍ᠶᠠᠯᠲᠠ ᠶᠢ ᠲᠦ᠋ᠯᠦᠬᠡᠯᠡᠵᠦ ᠪᠤᠢ᠃ ᠶᠡᠷᠦᠨᠭ᠍ᠭᠡᠢ ᠰᠠᠨᠠᠭ᠎ᠠ ᠨᠢ ᠳᠠᠷᠤᠢ ᠬᠦᠬᠡ ᠠᠭᠤᠯᠠ ᠬᠦᠬᠡᠮᠳ᠋ᠦᠭ᠌ ᠤᠰᠤ ᠪᠤᠯ ᠠᠯᠳ᠋ᠠ ᠮᠦ᠋ᠨᠭ᠍ᠭᠦᠨ ᠠᠭᠤᠯᠠ ᠮᠦ᠋ᠨ》ᠭᠡᠵᠦ ᠡᠦ ᠶᠦ᠋ᠨ ᠪᠦᠧᠧ ᠲᠠᠢ᠌ᠯᠪᠤᠷᠢ᠍ᠯᠠᠵᠦ ᠭᠠᠷᠬᠤ ᠳᠤ ᠶᠡᠷᠦᠨᠭ᠍ᠭᠡᠢ ᠱᠦ᠋ᠵᠢ ᠶᠡᠬᠡᠳ᠋ᠡ ᠪᠠᠶᠠᠷᠯᠠᠵᠦ《 ᠲᠡᠭᠡᠪᠡᠯ ᠪᠢ ᠡᠬᠦᠨ ᠢ ᠴᠢ᠍ᠨᠢ ᠰᠠᠢᠳᠤᠷ ᠬᠠᠳ᠋ᠠᠭᠠᠯᠠᠨᠠ ᠰᠢ᠍ᠦ》ᠭᠡᠵᠡᠢ᠃
ᠶᠡᠷᠦᠨᠭ᠍ᠭᠡᠢ ᠱᠦ᠋ᠵᠢ ᠪᠠᠢ᠌ᠨ ᠳᠠᠬᠢᠨ《 ᠴᠢ᠍ᠨᠦ ᠡᠨᠡ ᠴᠢ᠍ᠨᠢ ᠵᠠᠷ ᠲᠠᠯᠪᠢᠵᠦ ᠪᠠᠢ᠌ᠭ᠎ᠠ ᠶᠠᠪᠤᠳ᠋ᠠᠯ ᠪᠢᠰᠢ᠋ ᠤᠤ ︖》ᠭᠡᠵᠦ ᠬᠡᠯᠡᠵᠦ ᠪᠠᠢ᠌ᠭᠰᠠᠨ ᠰᠢ᠍ᠦ᠃ ᠪᠢ ᠴᠢ᠍ᠨᠢ ᠶᠠᠮᠠᠷ ᠶᠡᠬᠡ ᠪᠦᠲᠦᠬᠦᠨ ᠵᠢ᠍ᠷᠦᠬᠡᠯᠡᠪᠡ ᠳ᠋ᠠ ︖ ᠭᠡᠵᠦ ᠪᠤᠳ᠋ᠤᠬᠤ ᠳᠤ ᠡᠦ ᠶᠦ᠋ᠨ ᠪᠦᠧᠧ ᠪᠡᠶ᠎ᠠ ᠪᠠᠨ ᠵᠢ᠍ᠮᠡᠯᠡᠵᠦ ᠰᠠᠭᠤᠯ᠎ᠠ᠃ ᠭᠡᠬᠦ ᠳ᠋ᠡᠭᠡᠨ ᠲᠡᠷᠡ ᠪᠤᠯ ᠮᠢ᠍ᠨᠦ ᠨᠤᠲᠤᠭ ᠤᠨ ᠠᠷᠠᠳ ᠤᠯᠠᠨ ᠤ ᠬᠦᠰᠡᠯ ᠨᠠᠢ᠌ᠳ᠋ᠠᠯᠭ᠎ᠠ ᠶᠤᠮ ᠰᠢ᠍ᠦ᠂ ᠨᠠᠮᠠᠢ᠍ᠢ ᠭᠠᠷᠴᠦ ᠢᠷᠡᠬᠦ ᠡᠴᠡ ᠡᠮᠦᠨ᠎ᠠ ᠭᠠᠴᠠᠭᠠᠨ ᠤ ᠤᠯᠠᠨ ᠲᠦ᠋ᠮᠡᠨ ᠮᠠᠨᠢ ᠪᠦᠬᠦᠳ᠋ᠡᠭᠡᠷ ᠴᠤᠭᠯᠠᠷᠠᠵᠦ ᠠᠮᠠ ᠠᠮᠠᠨ ᠳ᠋ᠠᠭᠠᠨ ᠪᠤᠯᠢ᠍ᠶᠠᠯᠳ᠋ᠤᠨ ᠵᠠᠬᠢᠵᠦ ᠪᠠᠢ᠌ᠭᠰᠠᠨ ᠲᠡᠷᠡᠬᠦ ᠠᠮᠢ᠍ᠨᠴᠢ᠍ᠬᠠᠨ ᠵᠠᠬᠢᠶ᠎ᠠ ᠶᠢ ᠪᠢ ᠬᠡᠷᠬᠢᠨ ᠤᠮᠳ᠋ᠤᠭᠠᠢ᠌ᠯᠠᠵᠦ ᠪᠤᠯᠬᠤ ᠪᠤᠢ︖ ᠲᠠᠪᠤᠨ ᠵᠢ᠍ᠯ ᠤᠨ ᠲᠤᠷᠰᠢ᠍ᠲᠠ ᠵᠢ᠍ᠷᠦᠬᠡᠨ ᠬᠦᠯᠦᠰᠦ ᠪᠠᠨ ᠰᠢ᠍ᠨᠭ᠍ᠭᠡᠭᠡᠭ᠍ᠰᠡᠨ ᠬᠤᠷᠰᠢ᠍ᠶᠠᠵᠢ᠍ᠯ ᠳ᠋ᠠᠭᠠᠨ ᠪᠢ ᠦᠪᠡᠷ ᠢ ᠪᠠᠨ ᠪᠠᠷᠳ᠋ᠠᠮ ᠢᠳ᠋ᠡᠭᠡᠬᠦ ᠦᠬᠡᠢ ᠪᠤᠯ ᠦᠬᠡᠷ᠎ᠠ ᠬᠦᠮᠦᠨ ᠨᠡᠡᠭ᠌ ᠢᠲᠡᠭᠡᠨᠠ ᠦᠦ ︖ ᠠᠷᠠᠳ ᠤᠨ ᠲᠦ᠋ᠯᠦᠬᠡᠯᠡᠭ᠍ᠴᠢ ᠪᠤᠯᠤᠭᠰᠠᠨ ᠬᠦᠮᠦᠨ ᠴᠢ᠍ᠨᠢ ᠠᠷᠠᠳ ᠲᠦ᠋ᠮᠡᠨ ᠤ ᠪᠠᠨ ᠬᠦᠰᠡᠯ ᠨᠠᠢ᠌ᠳ᠋ᠠᠯᠭ᠎ᠠ ᠶᠢ ᠳᠠᠮᠵᠢ᠍ᠭᠤᠯᠬᠤ ᠨᠢ ᠲᠠᠭᠠᠷᠠᠨ᠎ᠠ᠃ ᠢᠨᠭ᠍ᠭᠢᠵᠦ ᠪᠤᠳ᠋ᠤᠬᠤ ᠳᠤ ᠡᠦ ᠶᠦ᠋ᠨ ᠪᠦᠧᠧ ᠶᠠᠮᠠᠷ ᠨᠢ᠍ᠬᠡᠨ ᠬᠦᠨᠳ᠋ᠦ ᠡᠬᠦᠷᠭᠡ ᠪᠠᠨ ᠪᠡᠶᠡᠯᠡᠬᠦᠯᠴᠢ᠍ᠬᠡᠭ᠍ᠰᠡᠨ ᠶᠤᠮ ᠰᠢ᠍ᠭ᠌᠂ ᠠᠬᠢᠭᠠᠳ ᠨᠢ᠍ᠬᠡ ᠪᠤᠳ᠋ᠤᠪᠠᠯ ᠲᠡᠬᠦᠨ ᠤ ᠳᠠᠷᠤᠭᠠᠰᠤ ᠨᠡᠡᠭ᠌ ᠶᠡᠬᠡᠰᠦᠭ᠍ᠰᠡᠨ ᠪᠦᠬᠡᠳ ᠦᠢ᠍ᠯᠡᠰ ᠤᠨ ᠵᠠᠮ ᠨᠢ ᠨᠡᠡᠭ᠌ ᠰᠠᠷᠠᠭᠤᠯᠵᠢ᠍ᠭᠰᠠᠨ ᠴᠤ ᠶᠤᠮ ᠰᠢ᠍ᠭ᠌ ᠰᠠᠨᠠᠭᠳ᠋ᠠᠨᠠ᠃ ᠨᠢ᠍ᠬᠡ ᠮᠡᠳ᠋ᠡᠬᠦ ᠳᠤ᠂ ᠨᠤᠲᠤᠭ ᠢ ᠨᠢ ᠵᠤᠷᠢ᠍ᠭᠰᠠᠨ ᠨᠢ᠍ᠰᠭᠡᠯ ᠬᠤᠷᠳ᠋ᠤᠴᠠ ᠪᠠᠨ ᠬᠠᠰᠤᠵᠦ ᠪᠠᠢ᠌ᠬᠤ ᠨᠢ ᠪᠡᠶ᠎ᠠ ᠳ᠋ᠤᠨᠢ ᠮᠡᠳ᠋ᠡᠭ᠍ᠳ᠋ᠡᠯᠠ᠃
ᠡᠦ ᠶᠦ᠋ᠨ ᠪᠦᠧᠧ ᠶᠢᠨ ᠬᠠᠷᠢ᠍ᠵᠦ ᠢᠷᠡᠬᠦ ᠰᠤᠷᠠᠭ ᠢ ᠤᠯᠤᠭᠰᠠᠨ ᠤ ᠳᠠᠷᠠᠭ᠎ᠠ᠂ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠡᠷᠬᠢᠯᠡᠭ᠍ᠴᠢ ᠪᠠᠶᠠᠨᠰᠠᠩ᠂ ᠬᠤᠰᠢ᠍ᠭᠤᠨ ᠨᠠᠮ ᠤᠨ ᠬᠤᠷᠢ᠍ᠶᠠᠨ ᠤ ᠪᠠᠢ᠌ᠩᠭ᠋ᠤ ᠶᠢᠨ ᠭᠡᠰᠢ᠍ᠬᠦᠨ᠂ ᠤᠬᠠᠭᠤᠯᠬᠤ ᠬᠡᠯᠲᠡᠰ ᠦᠨ ᠳᠠᠷᠤᠭ᠎ᠠ ᠪᠤᠤ ᠬᠤᠩ ᠮᠸᠢ ᠪᠤᠯᠤᠨ ᠬᠤᠷᠰᠢ᠍ᠶᠠᠵᠢ᠍ᠯ ᠤᠨ ᠬᠡᠰᠢ᠍ᠬᠦᠳ ᠂ ᠡᠯ᠎ᠠ ᠮᠡᠳ᠋ᠡᠭᠡ ᠵᠠᠭᠤᠴᠢ᠍ᠯᠠᠭᠤᠷ ᠤᠨ ᠬᠢᠨ ᠲᠦᠩᠯᠢᠶᠤᠤ ᠨᠢ᠍ᠰᠭᠡᠯ ᠤᠨ ᠪᠠᠭᠤᠳ᠋ᠠᠯ ᠳᠤ ᠬᠦᠷᠴᠦ᠂ ᠲᠡᠬᠦᠨ ᠢ ᠬᠠᠳ᠋ᠠᠭ ᠶᠢᠡᠨ ᠳᠡᠯᠬᠡᠨ ᠤᠭᠲᠤᠨ ᠠᠪᠤᠯ᠎ᠠ᠃ ᠲᠡᠷᠡ ᠤᠷᠢ᠍ᠳ ᠶᠢᠡᠷ ᠲᠡᠬᠦᠨ ᠢ ᠬᠤᠶᠠᠷ ᠬᠤᠷᠠᠯ ᠳᠤ ᠤᠷᠤᠯᠴᠠᠵᠦ ᠪᠠᠢ᠌ᠬᠤ ᠬᠤᠭᠤᠷᠤᠨᠳ᠋ᠦ ᠲᠦᠩᠯᠢᠶᠤᠤ ᠨᠢ᠍ᠰᠭᠡᠯ ᠤᠨ ᠪᠠᠭᠤᠳ᠋ᠠᠯ ᠳᠤ ᠰᠢ᠍ᠨ᠎ᠠ ᠪᠠᠷ ᠨᠡᠭᠡᠭᠡᠭ᠍ᠰᠡᠨ《 ᠮᠠᠯᠴᠢ᠍ᠨ ᠠᠢ᠌ᠯ ᠪᠤᠬᠢᠷᠳ᠋ᠤᠯ ᠦᠬᠡᠢ ᠦᠬᠡᠷ ᠤᠨ ᠮᠢ᠍ᠬᠠ ᠬᠤᠳ᠋ᠠᠯᠳ᠋ᠤᠬᠤ ᠳᠡᠯᠬᠡᠬᠦᠷ》᠋ ᠶᠢᠠᠨ ᠤᠴᠢ᠍ᠵᠦ ᠦᠵᠡᠪᠡ᠃ ᠪᠡᠶ᠎ᠠ ᠨᠢ ᠪᠡᠭᠡᠵᠢ᠍ᠡᠭ᠌ ᠳᠤ ᠪᠠᠢ᠌ᠭᠰᠠᠨ ᠴᠤ ᠰᠡᠳᠬᠢᠯ ᠨᠢ ᠨᠤᠲᠤᠭ ᠡᠴᠡ ᠪᠠᠨ ᠬᠤᠯᠠᠳ᠋ᠠᠭᠠ ᠦᠬᠡᠢ ᠡᠦ ᠶᠦ᠋ᠨ ᠪᠦᠧᠧ ᠬᠤᠶᠠᠷ ᠬᠤᠷᠠᠯ ᠤᠨ ᠬᠤᠭᠤᠴᠠᠭᠠᠨ ᠳᠤ ᠪᠠᠰᠠ ᠶᠡᠷᠦᠨᠭ᠍ᠭᠡᠢ ᠱᠦ᠋ᠵᠢ ᠶᠢᠨ ᠠᠰᠠᠭᠤᠭᠰᠠᠨ《 ᠲᠠᠨ ᠤ ᠭᠠᠴᠠᠭᠠᠨ ᠳᠤ ᠶᠠᠭᠠᠬᠢᠵᠦ ᠬᠦᠷᠬᠦ ᠪᠤᠢ ︖》ᠭᠡᠬᠦ ᠦᠬᠡ ᠪᠠᠷ ᠨᠢ᠍ᠬᠡᠨᠲᠡ ᠲᠠᠸᠠᠷ ᠤᠨ ᠲᠡᠮᠲᠡᠭ᠌ ᠲᠠᠩᠰᠠᠯᠠᠭᠤᠯᠤᠭᠠᠳ ᠠᠮᠵᠢᠴᠢᠬᠠᠵᠠᠢ᠃ ᠡᠬᠦᠨ ᠶᠢᠡᠷ ᠶᠢᠡᠨ ᠤᠷᠤᠨ ᠨᠤᠲᠤᠭ ᠤᠨ ᠤᠨᠴᠠᠯᠢ᠍ᠭ ᠲᠠᠭᠠᠨ ᠲᠤᠬᠢᠷᠠᠭᠰᠠᠨ ᠵᠤᠭᠠᠴᠠᠯ ᠤᠨ ᠦᠢ᠍ᠯᠡᠰ ᠡᠷᠬᠢᠯᠡᠨ᠎ᠠ ᠭᠡᠵᠦ ᠲᠡᠷᠡ ᠬᠠᠲᠠᠭᠤ ᠪᠤᠳ᠋ᠤᠵᠠᠢ᠃ ᠤᠴᠢ᠍ᠷ ᠨᠢ ᠡᠦ ᠶᠦ᠋ᠨ ᠪᠦᠧᠧ ᠶᠢᠨ ᠬᠠᠷᠢ᠍ᠭᠤ ᠮᠡᠳ᠋ᠡᠬᠦᠯᠦᠯᠲᠡ ᠶᠢ ᠰᠤᠨᠤᠰᠴᠦ ᠪᠠᠷᠠᠭᠠᠳ ᠶᠡᠷᠦᠨᠭ᠍ᠭᠡᠢ ᠱᠦ᠋ᠵᠢ ᠄《 ᠲᠠ ᠨᠡᠷ ᠪᠠᠰᠠ ᠠᠵᠦ ᠦᠢ᠍ᠯᠡᠰ ᠤᠨ ᠬᠡᠯᠬᠢᠶᠡᠵᠢ᠍ᠭ᠍ᠰᠡᠨ ᠵᠤᠭᠠᠴᠠᠯ ᠤᠨ ᠰᠠᠭᠤᠷᠢ᠍ᠨ ᠭᠠᠵᠠᠷ ᠡᠷᠬᠢᠯᠡᠬᠦ ᠪᠠᠷ ᠲᠦ᠋ᠯᠦᠪᠯᠡᠵᠦ ᠪᠠᠢ᠌ᠬᠤ ᠶᠤᠮ ᠬᠡᠯ᠎ᠠ ᠦᠦ ︖ ᠲᠡᠷᠡ ᠴᠢ᠍ᠨᠢ ᠶᠠᠮᠠᠷ ᠬᠡᠯᠪᠡᠷᠢ ᠶᠢᠨ ᠪᠤᠢ ︖》ᠭᠡᠵᠦ ᠠᠰᠠᠭᠤᠬᠤ ᠳᠤ ᠲᠡᠷᠡ᠄《 ᠤᠨᠴᠠᠯᠢ᠍ᠬᠲᠦ ᠰᠠᠢ᠌ᠬᠠᠨ ᠦᠨᠳ᠋ᠦᠰᠦᠲᠡᠨ ᠤ ᠰᠤᠶᠤᠯ ᠲᠡᠶ᠂ᠪᠠᠰᠠ ᠮᠠᠨ ᠤ ᠶᠠᠭ ᠰᠠᠶᠢ᠍ᠬᠠᠨ ᠴᠢ᠍ᠷᠮᠠᠢ᠌ᠨ ᠬᠦᠭ᠍ᠵᠢ᠍ᠬᠦᠯᠵᠦ ᠪᠠᠢ᠌ᠭ᠎ᠠ ᠤᠳ᠋ᠤᠬᠢᠴᠢ᠍ᠯᠠᠭᠰᠠᠨ ᠮᠠᠯ ᠲᠠᠵᠢᠭᠡᠪᠤᠷᠢ ᠶᠢᠨ ᠦᠢ᠍ᠯᠡᠰ ᠲᠡᠶ᠁》ᠭᠡᠵᠦ ᠢᠲᠡᠭᠡᠯ ᠲᠡᠬᠦᠯᠳ᠋ᠡᠷ ᠬᠠᠷᠢ᠍ᠭᠤᠯᠤᠭᠰᠠᠨ ᠶᠤᠮ᠃




ᠡᠦ ᠶᠦ᠋ᠨ ᠪᠦᠧᠧ ᠶᠢᠨ ᠲᠦ᠋ᠷᠦᠭ᠍ᠰᠡᠨ ᠨᠤᠲᠤᠭ ᠪᠤᠯᠬᠤ ᠵᠠᠷᠤᠳ ᠬᠤᠰᠢ᠍ᠭᠤᠨ ᠤ ᠪᠠᠶᠠᠨᠲᠠᠯ᠎ᠠ ᠰᠤᠮᠤ ᠶᠢᠨ ᠵᠡᠬᠦᠨ ᠰᠠᠯᠠᠭ᠎ᠠ ᠭᠠᠴᠠᠭ᠎ᠠ ᠶᠢᠨ ᠦᠲᠡᠯᠦᠬᠡ ᠵᠠᠯᠠᠭᠤ ᠪᠦᠬᠦᠳ᠋ᠡᠭᠡᠷ ᠶᠢᠡᠨ ᠬᠦᠬᠡ ᠬᠠᠳ᠋ᠠᠭ᠂ ᠰᠤᠷᠭᠤᠭ ᠴᠡᠴᠡᠭ᠌ ᠲᠡᠶ ᠪᠠᠶᠠᠷᠯᠠᠨ ᠤᠭᠲᠤᠵᠠᠢ᠃ 2009ᠤᠨ ᠳᠤ ᠲᠡᠷᠡ ᠤᠯᠠᠨ ᠲᠦ᠋ᠮᠡᠨ ᠤ ᠢᠲᠡᠭᠡᠯ ᠢ ᠬᠦᠯᠢ᠍ᠶᠡᠵᠦ ᠭᠠᠴᠠᠭᠠᠨ ᠤ ᠵᠦ᠋ᠪᠯᠡᠯ ᠤᠨ ᠡᠷᠬᠢᠯᠡᠭ᠍ᠴᠢ ᠪᠠᠷ ᠰᠤᠨᠭ᠍ᠭᠤᠭᠳ᠋ᠠᠵᠦ᠂ 2012 ᠤᠨ ᠡᠴᠡ ᠡᠬᠢᠯᠡᠨ ᠤᠳ᠋ᠤ ᠪᠤᠯᠲᠠᠯ᠎ᠠ ᠭᠠᠴᠠᠭᠠᠨ ᠤ ᠪᠠᠨ ᠨᠠᠮ ᠤᠨ ᠡᠬᠦᠷ ᠤᠨ ᠱᠦ᠋ᠵᠢ᠂ ᠭᠠᠴᠠᠭᠠᠨ ᠤ ᠵᠦ᠋ᠪᠯᠡᠯ ᠤᠨ ᠡᠷᠬᠢᠯᠡᠭ᠍ᠴᠢ ᠶᠢᠨ ᠠᠵᠢ᠍ᠯ ᠢ ᠬᠠᠮᠲᠤ ᠳ᠋ᠤᠨᠢ ᠡᠬᠦᠷᠭᠡᠯᠡᠵᠦ ᠪᠤᠢ᠃ 2013ᠤᠨ ᠳᠤ ᠡᠦ ᠶᠦ᠋ᠨ ᠪᠦᠧᠧ ᠠᠪᠤ ᠶᠢᠨ ᠶᠢᠡᠨ ᠲᠠᠷᠢ᠍ᠭᠰᠠᠨ 1300ᠭᠠᠷᠤᠢ ᠮᠦ ᠮᠤᠳ᠋ᠤᠨ ᠭᠠᠵᠠᠷ ᠲᠤᠨᠢ ᠬᠡᠳ᠋ᠦᠨ ᠲᠦ᠋ᠮᠡᠨ ᠲᠡᠭ᠍ᠰᠢ ᠳᠦ᠋ᠷᠪᠡᠯᠵᠢ᠍ᠨ ᠮᠧᠲ᠋ᠷ ᠪᠦᠬᠦᠢ ᠫᠧᠡᠭ᠌ ᠰᠠᠷᠠᠪᠴᠢ ᠪᠠᠢ᠌ᠭᠤᠯᠤᠨ᠂ ᠦᠪᠡᠷ ᠤᠨ ᠶᠢᠡᠨ 108 ᠦᠬᠡᠷ ᠶᠢᠡᠨ ᠬᠦᠭᠡᠭᠡᠵᠦ ᠠᠪᠠᠴᠢ᠍ᠭᠠᠳ《 ᠮᠠᠯᠴᠢ᠍ᠨ ᠠᠢ᠌ᠯ ᠦᠬᠡᠷ ᠲᠡᠵᠢ᠍ᠬᠡᠬᠦ ᠲᠤᠰᠬᠠᠢ ᠬᠤᠷᠰᠢ᠍ᠶᠠᠵᠢ᠍ᠯ》᠋ ᠶᠢᠠᠨ ᠡᠭᠦᠰᠭᠡᠨ ᠪᠠᠢ᠌ᠭᠤᠯᠤᠭᠰᠠᠨ ᠶᠤᠮ᠃ ᠲᠤᠰ ᠬᠤᠷᠰᠢ᠍ᠶᠠᠵᠢ᠍ᠯ ᠨᠢ《 ᠨᠠᠮ ᠤᠨ ᠲᠤᠭ ᠨᠠᠮᠢ᠍ᠷᠠᠬᠤ ᠴᠠᠭ ᠲᠤ ᠮᠠᠨ ᠤ ᠵᠤᠷᠢ᠍ᠭ ᠴᠤᠴᠠᠬᠤ ᠦᠬᠡᠢ》ᠪᠠᠲᠤ ᠢᠲᠡᠭᠡᠯ ᠢ ᠡᠪᠦᠷᠯᠡᠨ᠂《 ᠪᠠᠢ᠌ᠷᠢ ᠰᠠᠭᠤᠷᠢ ᠠᠳ᠋ᠠᠯᠢ᠍ᠬᠠᠨ᠂ ᠠᠷᠠᠳᠴᠢ᠍ᠯᠠᠯᠲᠦ ᠬᠠᠮᠢ᠍ᠶᠠᠷᠤᠯᠲᠠ ᠲᠡᠶ᠂ᠠᠰᠢ᠍ᠭ ᠤᠷᠤᠯᠭ᠎ᠠ ᠪᠠᠨ ᠬᠠᠮᠲᠤᠪᠡᠷ ᠬᠤᠪᠢᠶᠠᠷᠢ᠍ᠯᠠᠵᠦ᠂ ᠠᠶᠤᠯ ᠲᠦ᠋ᠭ᠍ᠰᠢ᠍ᠬᠦᠷᠢ ᠶᠢ ᠬᠠᠮᠲᠤ ᠪᠠᠷ ᠡᠬᠦᠷᠭᠡᠯᠡᠬᠦ》ᠵᠠᠷᠴᠢ᠍ᠮ ᠢ ᠪᠠᠷᠢ᠍ᠮᠳ᠋ᠠᠯᠠᠨ᠂《 ᠨᠠᠮ ᠤᠨ ᠡᠬᠦᠷ +ᠬᠤᠷᠰᠢ᠍ᠶᠠᠵᠢ᠍ᠯ + ᠰᠠᠭᠤᠷᠢ᠍ᠨ ᠭᠠᠵᠠᠷ + ᠮᠠᠯᠵᠢ᠍ᠬᠤ ᠡᠷᠦᠬᠡ》᠋ ᠶᠢᠨ ᠵᠠᠭᠪᠤᠷ ᠢ ᠭᠡᠷᠡᠭ᠍ᠵᠢ᠍ᠬᠦᠯᠦᠨ᠂ ᠵᠤᠭᠤᠰ᠂ ᠲᠠᠷᠢ᠍ᠶᠠᠨ ᠭᠠᠵᠠᠷ ᠪᠤᠯᠤᠨ ᠦᠬᠡᠷ ᠶᠢᠡᠷ ᠶᠢᠡᠨ ᠬᠤᠪᠢ ᠤᠷᠤᠬᠤ ᠠᠷᠭ᠎ᠠ ᠠᠪᠴᠠᠯ ᠶᠢᠡᠷ ᠪᠦᠬᠦ ᠭᠠᠴᠠᠭᠠᠨ ᠤ ᠪᠠᠨ 234 ᠡᠷᠦᠬᠡ ᠶᠢᠨ 207ᠡᠷᠦᠬᠡ ᠶᠢ ᠬᠤᠪᠢ ᠤᠷᠤᠭᠤᠯᠵᠦ᠂ ᠬᠤᠷᠰᠢ᠍ᠶᠠᠵᠢ᠍ᠯ ᠡᠬᠢᠯᠡᠬᠦᠯᠦᠭ᠍ᠰᠡᠨ ᠪᠡᠯᠡ ᠮᠦ᠋ᠨᠭ᠍ᠭᠦ ᠨᠢ 550ᠲᠦ᠋ᠮᠠᠨ ᠲᠦ᠋ᠬᠦᠷᠢ᠍ᠭ᠌ ᠲᠤ ᠬᠦᠷᠴᠡᠢ᠃ 2014 ᠤᠨ ᠳᠤ ᠡᠪᠡᠰᠦ ᠪᠤᠷᠳ᠋ᠤᠭ᠎ᠠ ᠶᠢᠨ ᠰᠠᠭᠤᠷᠢ᠍ᠨ ᠭᠠᠵᠠᠷ ᠲᠡᠶ ᠪᠤᠯᠵᠦ᠂ 2015ᠤᠨ ᠳᠤ ᠴᠠᠭᠠᠨ ᠢᠳ᠋ᠡᠭᠡᠨ ᠤ ᠦᠢ᠍ᠯᠡᠳᠪᠦᠷᠢ᠂ ᠢᠳ᠋ᠡᠭᠡᠨ ᠤᠮᠳ᠋ᠠᠭᠠᠨ ᠤ ᠺᠤᠮᠫᠠᠨᠢ ᠪᠤᠯᠤᠨ ᠦᠬᠡᠷ ᠤᠨ ᠬᠠᠪᠢᠷᠭ᠎ᠠ ᠶᠢᠨ ᠡᠧᠦᠢ᠍ᠷᠤᠫᠡ ᠬᠤᠭᠤᠯᠠᠨ ᠭᠡᠷ ᠭᠠᠷᠭᠠᠵᠦ᠂ 2016ᠤᠨ ᠳᠤ᠂ ᠯᠦ᠋ᠪᠧᠢ᠂ ᠲᠦᠩᠯᠢᠶᠤᠤ᠂ ᠨᠢ᠍ᠨᠭ᠍ᠪᠦᠧᠧ ᠵᠡᠷᠭᠡ ᠭᠠᠵᠠᠷ ᠲᠤ ᠦᠬᠡᠷ ᠤᠨ ᠮᠢ᠍ᠬᠠ ᠪᠤᠷᠤᠯᠠᠭᠤᠯᠬᠤ ᠳᠡᠯᠬᠡᠬᠦᠷ ᠭᠠᠷᠭᠠᠵᠦ᠂ 《 ᠢᠨᠲ᠋ᠧᠷᠨᠧᠲ ᠰᠦ᠋ᠯᠵᠢ᠍ᠶ᠎ᠠ + ᠡᠯᠧᠺᠲ᠋ᠷᠦᠨ ᠬᠤᠳ᠋ᠠᠯᠳ᠋ᠤᠭ᠎ᠠ》᠋ ᠶᠢᠨ ᠲᠠᠪᠴᠠᠡᠭ᠌ ᠲᠡᠶ ᠪᠤᠯᠵᠠᠢ᠃ ᠤᠳ᠋ᠤ ᠪᠤᠯᠬᠤ ᠳᠤ᠂ ᠮᠠᠯᠴᠢ᠍ᠨ ᠠᠢ᠌ᠯ ᠬᠤᠷᠰᠢ᠍ᠶᠠᠵᠢ᠍ᠯ ᠤᠨ ᠦᠬᠡᠷ ᠤᠨ ᠮᠢ᠍ᠬᠠ ᠬᠦᠬᠡᠬᠤᠲᠠ᠂ ᠤᠷᠳ᠋ᠤᠰ᠂ ᠪᠤᠭᠤᠲᠤ ᠡᠴᠡ ᠭᠠᠳ᠋ᠠᠨ᠎ᠠ ᠵᠧᠵᠢ᠍ᠶᠠᠡᠭ᠌᠂ ᠱᠠᠨᠳ᠋ᠥᠡᠭ᠌᠂ ᠪᠡᠭᠡᠵᠢ᠍ᠡᠭ᠌᠂ᠴᠠᠨᠭ᠍ᠴᠦ᠋ᠨ ᠵᠡᠷᠭᠡ ᠭᠠᠵᠠᠷ ᠲᠤ ᠬᠤᠯᠪᠤᠭᠠᠯᠠᠭᠰᠠᠨ ᠳᠡᠯᠬᠡᠬᠦᠷ ᠲᠡᠶ ᠪᠤᠯᠵᠠᠢ᠃ ᠤᠳ᠋ᠤ ᠪᠤᠯᠲᠠᠯ᠎ᠠ ᠬᠤᠷᠰᠢ᠍ᠶᠠᠵᠢ᠍ᠯ ᠤᠨ ᠶᠡᠷᠦᠨᠭ᠍ᠭᠡᠢ ᠲᠤᠭᠲᠠᠮᠠᠯ ᠬᠦᠷᠦᠨᠭ᠍ᠭᠡ 4300 ᠲᠦ᠋ᠮᠡᠨ ᠲᠦ᠋ᠬᠦᠷᠢ᠍ᠭ᠌ ᠲᠤ ᠬᠦᠷᠴᠦ᠂ 5 ᠤᠳ᠋ᠠᠭ᠎ᠠ ᠨᠡᠢ᠌ᠲᠡ 620ᠲᠦ᠋ᠮᠡᠨ ᠲᠦ᠋ᠬᠦᠷᠢ᠍ᠭ᠌ ᠤᠨ ᠠᠰᠢ᠍ᠭ ᠬᠤᠪᠢᠶᠠᠷᠢ᠍ᠯᠠᠵᠦ᠂ ᠵᠢ᠍ᠯ ᠤᠨ ᠶᠡᠷᠦᠨᠭ᠍ᠭᠡᠢ ᠪᠤᠷᠤᠯᠠᠭᠤᠯᠭ᠎ᠠ ᠨᠢ 3100ᠲᠦ᠋ᠮᠡᠨ ᠲᠦ᠋ᠬᠦᠷᠢ᠍ᠭ᠌ ᠲᠤ ᠬᠦᠷᠴᠦ᠂ ᠵᠢ᠍ᠯ ᠤᠨ ᠴᠡᠪᠡᠷ ᠤᠷᠤᠯᠭ᠎ᠠ ᠨᠢ 1050ᠲᠦ᠋ᠮᠡᠨ ᠲᠦ᠋ᠬᠦᠷᠢ᠍ᠭ᠌ ᠲᠤ ᠬᠦᠷᠴᠡᠢ᠃ ᠤᠳ᠋ᠤ ᠪᠤᠯᠲᠠᠯ᠎ᠠ ᠲᠤᠰ ᠬᠤᠷᠰᠢ᠍ᠶᠠᠵᠢ᠍ᠯ ᠨᠢ ᠭᠠᠴᠠᠭᠠᠨ ᠤ ᠪᠠᠨ ᠳᠠᠨᠭ᠍ᠰᠠᠯᠠᠵᠦ ᠺᠠᠷᠲ᠋ᠯᠠᠭᠰᠠᠨ ᠶᠠᠳ᠋ᠠᠭᠤ ᠬᠦᠴᠢ᠍ᠷᠲᠡᠢ ᠡᠷᠦᠬᠡ ᠶᠢ ᠶᠠᠳ᠋ᠠᠭᠤ ᠡᠴᠡ ᠨᠢ ᠠᠨᠭ᠍ᠭᠢᠵᠢ᠍ᠷᠠᠭᠤᠯᠤᠭᠰᠠᠨ ᠪᠦᠬᠡᠳ ᠤᠢ᠌ᠷ᠎ᠠ ᠬᠠᠪᠢ ᠶᠢᠨ 21ᠭᠠᠴᠠᠭ᠎ᠠ ᠶᠢᠨ ᠬᠦᠳ᠋ᠡᠯᠮᠦᠷᠢ ᠬᠦᠴᠦ ᠦᠬᠡᠢ 55 ᠶᠠᠳ᠋ᠠᠭᠤ ᠬᠦᠴᠢ᠍ᠷᠲᠡᠢ ᠡᠷᠦᠬᠡ ᠶᠢ ᠶᠠᠳ᠋ᠠᠭᠤ ᠡᠴᠡ ᠨᠢ ᠠᠨᠭ᠍ᠭᠢᠵᠢ᠍ᠷᠠᠭᠤᠯᠪᠠ᠃ ᠤᠳ᠋ᠤ ᠵᠡᠬᠦᠨ ᠰᠠᠯᠠᠭ᠎ᠠ ᠭᠠᠴᠠᠭ᠎ᠠ ᠶᠢᠨ ᠬᠦᠮᠦᠨ ᠪᠦᠷᠢ ᠶᠢᠨ ᠵᠢ᠍ᠯ ᠤᠨ ᠲᠡᠭ᠍ᠰᠢ᠍ᠳᠬᠡᠭ᠍ᠰᠡᠨ ᠤᠷᠤᠯᠭ᠎ᠠ 15800ᠲᠦ᠋ᠬᠦᠷᠢ᠍ᠭ᠌ ᠲᠤ ᠬᠦᠷᠴᠦ᠂ ᠡᠬᠦᠨ ᠳᠤ ᠬᠤᠷᠰᠢ᠍ᠶᠠᠵᠢ᠍ᠯ ᠨᠢ ᠬᠦᠮᠦᠨ ᠪᠦᠷᠢ ᠶᠢᠨ ᠵᠢ᠍ᠯ ᠤᠨ ᠲᠡᠭ᠍ᠰᠢ᠍ᠳᠭᠡᠭ᠍ᠰᠡᠨ ᠤᠷᠤᠯᠭ᠎ᠠ ᠶᠢ 8600 ᠲᠦ᠋ᠬᠦᠷᠢ᠍ᠭ᠌ ᠨᠡᠮᠡᠭ᠍ᠳ᠋ᠡᠬᠦᠯᠵᠡᠢ᠃ ᠤᠳ᠋ᠤ ᠪᠤᠯᠬᠤ ᠳᠤ ᠲᠤᠰ ᠬᠤᠷᠰᠢ᠍ᠶᠠᠵᠢ᠍ᠯ ᠡᠴᠡ ᠲᠤᠭᠲᠠᠮᠠᠯ ᠴᠠᠯᠢ᠍ᠡᠭ᠌ ᠠᠪᠳ᠋ᠠᠭ ᠬᠦᠮᠦᠨ ᠨᠡᠢ᠌ᠲᠡ 68 ᠪᠤᠯᠤᠭᠰᠠᠨ ᠪᠦᠬᠡᠳ ᠡᠭᠦᠨ ᠤ ᠳᠤᠲᠤᠷ᠎ᠠ ᠨᠢ ᠶᠡᠬᠡ ᠰᠤᠷᠭᠠᠭᠤᠯᠢ ᠶᠢᠨ ᠵᠢ᠍ᠨᠭ᠍ᠭᠢᠨᠢ ᠠᠨᠭ᠍ᠭᠢ ᠡᠴᠡ ᠳᠡᠭᠡᠭ᠍ᠰᠢ ᠰᠤᠷᠤᠯᠭ᠎ᠠ ᠶᠢᠨ ᠨᠠᠮᠳ᠋ᠠᠷ ᠲᠡᠶ ᠬᠦᠮᠦᠨ 12ᠪᠠᠢ᠌ᠵᠦ᠂ 2 ᠨᠡᠷᠡᠰ ᠨᠢ ᠠᠰᠫᠢᠷᠠᠨᠲ ᠪᠠᠢ᠌ᠪᠠ᠃ ᠬᠤᠷᠰᠢ᠍ᠶᠠᠵᠢ᠍ᠯ ᠨᠢ ᠬᠤᠢ᠌ᠨ᠎ᠠ ᠡᠮᠦᠨ᠎ᠠ᠂ᠦᠪᠡᠷᠲᠡᠭᠡᠨ ᠵᠠᠰᠠᠬᠤ ᠤᠷᠤᠨ ᠤ ᠦᠨᠳ᠋ᠦᠰᠦᠲᠡᠨ ᠤ ᠬᠡᠷᠡᠭ᠌ ᠡᠷᠬᠢᠯᠡᠬᠦ ᠵᠦ᠋ᠪᠯᠡᠯ ᠤᠨ《 ᠦᠨᠳ᠋ᠦᠰᠦᠲᠡᠨ ᠤ ᠪᠦᠯᠬᠦᠮᠳ᠋ᠡᠯ ᠳᠠᠪᠰᠢ᠍ᠯᠲᠠ ᠶᠢᠨ ᠵᠢ᠍ᠱᠢ᠍ᠶᠠ ᠦᠵᠡᠬᠦᠯᠬᠦ ᠨᠢ᠍ᠬᠡᠴᠢ》᠂ ᠦᠪᠡᠷᠲᠡᠭᠡᠨ ᠵᠠᠰᠠᠬᠤ ᠤᠷᠤᠨ ᠤ《 ᠲᠤᠰᠬᠠᠢ ᠮᠡᠷᠭᠡᠵᠢ᠍ᠯᠲᠡᠨ ᠦᠨᠳ᠋ᠦᠰᠦᠨ ᠱᠠᠲᠤᠨ ᠳᠤ ᠦᠢ᠍ᠯᠡᠴᠢ᠍ᠯᠡᠬᠦ ᠲᠤᠷᠰᠢ᠍ᠯᠲᠠ ᠶᠢᠨ ᠴᠡᠭ᠌ ᠤᠨ ᠰᠠᠭᠤᠷᠢ᠍ᠨ ᠭᠠᠵᠠᠷ》᠂ ᠪᠦᠬᠦ ᠤᠯᠤᠰ ᠤᠨ《 ᠠᠵᠢ᠍ᠯ ᠤᠯᠭᠤᠵᠦ ᠶᠠᠳ᠋ᠠᠭᠤ ᠡᠴᠡ ᠠᠨᠭ᠍ᠭᠢᠵᠢ᠍ᠷᠠᠭᠤᠯᠤᠭᠰᠠᠨ ᠵᠢ᠍ᠱᠢ᠍ᠶᠠ ᠦᠵᠡᠬᠦᠯᠬᠦ ᠰᠠᠭᠤᠷᠢ᠍ᠨ ᠭᠠᠵᠠᠷ》᠋ ᠶᠢᠠᠷ ᠦᠨᠡᠯᠡᠭ᠍ᠳ᠋ᠡᠵᠡᠢ᠃ ᠡᠦ ᠶᠦ᠋ᠨ ᠪᠦᠧᠧ ᠤᠷᠢ᠍ᠳ ᠬᠤᠵᠢ᠍ᠳ ᠦᠪᠡᠷᠲᠡᠭᠡᠨ ᠵᠠᠰᠠᠬᠤ ᠤᠷᠤᠨ ᠤ 《 ᠰᠢ᠍ᠯᠢ᠍ᠳ᠋ᠡᠭ᠌ ᠭᠠᠴᠠᠭ᠎ᠠ ᠲᠤᠰᠬᠤᠨ ᠤ ᠨᠠᠮ ᠤᠨ ᠡᠬᠦᠷ ᠤᠨ ᠱᠦ᠋ᠵᠢ》᠂《 ᠦᠪᠦᠷ ᠮᠤᠨᠭ᠍ᠭᠤᠯ ᠤᠨ ᠵᠠᠯᠠᠭᠤᠴᠤᠳ ᠤᠨ〈 5•4〉ᠱᠠᠨᠭ᠍ᠨᠠᠯ》᠂ᠲᠦ᠋ᠷᠦ ᠶᠢᠨ ᠶᠠᠪᠤᠳ᠋ᠠᠯ ᠤᠨ ᠬᠤᠷᠢ᠍ᠶ᠎ᠠ ᠶᠢᠨ ᠶᠠᠳ᠋ᠠᠭᠤ ᠶᠢ ᠲᠡᠳᠬᠦᠬᠦ ᠠᠯᠪᠠᠨ ᠭᠡᠷ ᠤᠨ《 ᠪᠦᠬᠦ ᠤᠯᠤᠰ ᠤᠨ ᠶᠠᠳ᠋ᠠᠭᠤ ᠡᠴᠡ ᠠᠨᠭ᠍ᠭᠢᠵᠢ᠍ᠷᠠᠭᠤᠯᠬᠤ ᠪᠤᠭᠤᠮᠳ᠋ᠠ ᠰᠢ᠍ᠪᠲᠤᠯᠤᠯᠳ᠋ᠠ ᠶᠢᠨ ᠡᠷᠡᠮᠡᠬᠡᠢ᠌ᠯᠡᠨ ᠳᠠᠪᠰᠢ᠍ᠭᠰᠠᠨ ᠱᠠᠨᠭ᠍ᠨᠠᠯ》᠂《 ᠠᠷᠪᠠᠨ ᠭᠤᠷᠪᠠᠳ᠋ᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠤᠨ ᠲᠦ᠋ᠯᠦᠬᠡᠯᠡᠭ᠍ᠴᠢ》ᠵᠡᠷᠭᠡ ᠢᠷᠠᠭᠤ ᠠᠯᠳ᠋ᠠᠷ ᠢ ᠬᠦᠷᠲᠡᠵᠡᠢ᠃



᠊᠊᠊᠊᠊ ᠮᠠᠨ ᠤ ᠡᠨᠡ ᠪᠤᠢ᠌ᠳ᠋ᠠ ᠨᠤᠲᠤᠭ ᠤᠨ ᠵᠢ᠍ᠷ ᠤᠨ ᠨᠢ᠍ᠬᠡᠨ ᠮᠠᠯᠴᠢ᠍ᠨ ᠬᠦᠦ ᠬᠢᠭ᠍ᠰᠡᠨ ᠠᠵᠢ᠍ᠯ ᠶᠢᠡᠷ ᠶᠢᠡᠨ ᠨᠠᠮ ᠵᠠᠰᠠᠭ ᠲᠠᠭᠠᠨ ᠲᠠᠨᠢᠭᠳᠠᠵᠤ᠂ ᠲᠦ᠋ᠷᠦ ᠶᠢᠨ ᠲᠡᠷᠢ᠍ᠬᠦᠨ ᠨᠡᠷ ᠲᠡᠶ ᠠᠭᠤᠯᠵᠠᠨ᠎ᠠ ᠭᠡᠳ᠋ᠡᠭ᠌ ᠦᠨᠡᠬᠡᠷ ᠠᠮᠠᠷ ᠦᠬᠡᠢ ᠰᠢ᠍ᠦ᠃ ᠡᠨᠡ ᠴᠢ᠍ᠨᠢ ᠡᠦ ᠶᠦ᠋ᠨ ᠪᠦᠧᠧ ᠬᠦᠦ ᠶᠢᠨ ᠨᠤᠲᠤᠭ ᠤᠨ ᠲᠦ᠋ᠮᠡᠨ ᠶᠢᠡᠨ ᠳᠠᠭᠠᠭᠤᠯᠤᠨ ᠰᠠᠢ᠌ᠨ ᠠᠵᠢ᠍ᠯᠯᠠᠭᠰᠠᠨ ᠤ ᠠᠴᠢ ᠰᠢ᠍ᠦ᠃ ᠨᠢ᠍ᠬᠡ ᠯᠠ ᠵᠢ᠍ᠱᠢ᠍ᠶᠠ ᠬᠡᠯᠡᠬᠦ ᠳᠤ᠂ ᠤᠯᠠᠨ ᠲᠦ᠋ᠮᠡᠨ ᠶᠢᠡᠨ ᠳᠠᠭᠠᠭᠤᠯᠤᠨ ᠤᠳ᠋ᠠᠭᠠᠨ ᠵᠢ᠍ᠯ ᠶᠢᠡᠷ ᠦᠶᠡᠷ ᠤᠨ ᠭᠠᠮᠰᠢ᠍ᠭ ᠪᠤᠯᠵᠦ ᠪᠠᠢ᠌ᠭᠰᠠᠨ ᠠᠢ᠌ᠯ ᠤᠨ ᠳᠤᠮᠳ᠋ᠠᠭᠤᠷᠬᠢ ᠭᠤᠤᠯ ᠢ ᠲᠡᠷᠡ ᠵᠠᠰᠠᠭᠰᠠᠨ ᠢ ᠬᠠᠷ᠎ᠠ ︕ᠤᠳ᠋ᠤ ᠪᠤᠯ ᠤᠯᠠᠨ ᠲᠦ᠋ᠮᠡᠨ ᠦᠶᠡᠷ ᠤᠰᠤᠳ᠋ᠤᠯ ᠡᠴᠡ ᠠᠶᠤᠬᠤ ᠦᠬᠡᠢ ᠰᠡᠳᠬᠢᠯ ᠠᠮᠤᠷ ᠪᠤᠯᠤᠭᠰᠠᠨ ᠭᠡᠵᠦ ᠲᠤᠰ ᠭᠠᠴᠠᠭᠠᠨ ᠤ ᠠᠬᠠᠮᠠᠳ ᠨᠠᠮ ᠤᠨ ᠡᠬᠦᠷ ᠤᠨ ᠱᠦ᠋ᠵᠢ᠂ 74 ᠨᠠᠰᠤᠲᠠᠢ ᠡᠦ ᠹᠦ᠋ ᠵᠠᠨ ᠡᠪᠦᠬᠡᠨ ᠬᠡᠯᠡᠬᠦ ᠳᠤ ᠨᠢ᠍ᠳ᠋ᠦ ᠨᠢ ᠵᠠᠢ᠌ᠷᠳ᠋ᠤᠵᠦ ᠪᠠᠢ᠌ᠯ᠎ᠠ᠃
᠊᠊᠊᠊᠊ ᠡᠨᠡ ᠬᠦᠮᠦᠨ ᠤ ᠬᠢᠭ᠍ᠰᠡᠨ ᠠᠵᠢ᠍ᠯ ᠨᠢ ᠨᠠᠮ ᠤᠨ ᠲᠦ᠋ᠷᠦ ᠶᠢᠨ ᠪᠤᠳ᠋ᠤᠯᠭ᠎ᠠ ᠲᠡᠶ ᠨᠡᠢ᠌ᠴᠡᠵᠦ᠂ ᠨᠤᠲᠤᠭ ᠤᠨ ᠤᠯᠠᠨ ᠲᠦ᠋ᠮᠡᠨ ᠳ᠋ᠡᠭᠡᠨ ᠪᠠᠶᠠᠵᠢ᠍ᠯ ᠤᠨ ᠵᠠᠮ ᠢ ᠡᠷᠢ᠍ᠵᠦ ᠤᠯᠵᠦ ᠦᠭ᠍ᠴᠡᠢ᠃ᠨᠢ᠍ᠳ᠋ᠤᠨᠤᠨ ᠵᠢ᠍ᠯ ᠮᠢ᠍ᠨᠦ ᠭᠤᠷᠪᠠᠨ ᠲᠠᠰᠤᠯᠭ᠎ᠠ ᠭᠡᠷ ᠭᠠᠯ ᠤᠷᠤᠭᠠᠳ ᠪᠢ ᠶᠡᠬᠡ ᠵᠤᠪᠠᠵᠠᠢ᠃ ᠭᠡᠪᠡᠴᠤ ᠰᠠᠨᠠᠭᠠᠨ ᠡᠴᠡ ᠭᠠᠳ᠋ᠠᠭᠤᠷ ᠡᠦ ᠱᠦ᠋ᠵᠢ ᠬᠤᠷᠰᠢ᠍ᠶᠠᠵᠢ᠍ᠯ ᠡᠴᠡ ᠪᠠᠨ ᠮᠦ᠋ᠨᠭ᠍ᠭᠦ ᠭᠠᠷᠭᠠᠨ ᠮᠠᠨ ᠤ ᠭᠠᠴᠠᠭᠠᠨ ᠤ ᠪᠦᠬᠦ ᠡᠷᠦᠬᠡ ᠳᠤ ᠡᠳ᠋ ᠪᠤᠳ᠋ᠠᠰ ᠤᠨ ᠳᠠᠭᠠᠳᠬᠠᠯ ᠬᠤᠳ᠋ᠠᠯᠳ᠋ᠤᠨ ᠠᠪᠴᠦ ᠦᠭᠬᠦᠬᠡᠳ ᠪᠠᠢ᠌ᠪᠠ᠃ᠲᠡᠷᠡ ᠳᠠᠭᠠᠳᠬᠠᠯ ᠤᠨ ᠠᠴᠢ ᠪᠠᠷ ᠪᠢ ᠲᠠᠪᠤᠨ ᠲᠦ᠋ᠮᠡ ᠭᠠᠷᠤᠢ ᠲᠦ᠋ᠬᠦᠷᠢ᠍ᠭ᠌ ᠲᠦ᠋ᠯᠦᠪᠦᠷᠢ ᠮᠦ᠋ᠨᠭ᠍ᠭᠦ ᠤᠯᠤᠭᠰᠠᠨ ᠰᠢ᠍ᠦ᠃ ᠲᠡᠬᠦᠨ ᠤ ᠳᠠᠭᠠᠭᠤᠯᠭ᠎ᠠ ᠪᠠᠷ ᠤᠳ᠋ᠤ ᠪᠦᠬᠦᠨ ᠶᠢᠡᠷ ᠶᠢᠡᠨ ᠶᠠᠳ᠋ᠠᠭᠤ ᠡᠴᠡ ᠪᠠᠨ ᠠᠨᠭ᠍ᠭᠢᠵᠢ᠍ᠷᠠᠭᠰᠠᠨ ᠪᠢᠳ᠋ᠡ ᠴᠢ᠍ᠨᠡᠭᠡᠯᠢ᠍ᠭ᠌ ᠨᠡᠢ᠌ᠬᠡᠮ ᠳᠤ ᠠᠯᠬᠤᠨ ᠤᠷᠤᠬᠤ ᠢᠲᠡᠭᠡᠯ ᠲᠡᠬᠦᠯᠳ᠋ᠡᠷ ᠪᠠᠢ᠌ᠨ᠎ᠠ ᠭᠡᠵᠦ 59 ᠨᠠᠰᠤᠲᠠᠢ ᠰᠠᠷᠠᠨᠴᠤᠭᠲᠤ ᠭᠤᠸᠠᠢ ᠲᠤᠭᠳ᠋ᠤᠯᠤᠭᠰᠠᠨ ᠰᠡᠳᠬᠢᠯᠬᠡ ᠪᠠᠨ ᠳᠠᠷᠤᠵᠦ ᠶᠠᠳ᠋ᠠᠨ ᠬᠡᠯᠡᠨ᠎ᠠ᠃
ᠡᠦ ᠶᠦ᠋ᠨ ᠪᠦᠧᠧ ᠬᠤᠷᠠᠭᠰᠠᠨ ᠤᠯᠠᠨ ᠤ ᠡᠮᠦᠨ᠎ᠠ ᠬᠦᠨ ᠶᠤᠰᠤᠯᠠᠭᠠᠳ ᠄《 ᠲᠠ ᠨᠡᠷ ᠲᠠᠭᠠᠨ ᠲᠠᠯᠠᠷᠬᠠᠵᠦ ᠪᠠᠢ᠌ᠨ᠎ᠠ᠃ ᠪᠢ ᠶᠠᠭᠤᠨ ᠤ ᠡᠮᠦᠨ᠎ᠠ ᠭᠠᠴᠠᠭᠠᠨ ᠤ ᠤᠯᠠᠨ ᠲᠦ᠋ᠮᠡᠨ ᠳ᠋ᠡᠭᠡᠨ ᠲᠠᠯᠠᠷᠬᠠᠨ᠎ᠠ᠃ ᠲᠠ ᠨᠡᠷ ᠤᠨ ᠢᠲᠡᠭᠡᠯ ᠳᠡᠮᠵᠢ᠍ᠯᠬᠡ ᠦᠬᠡᠢ ᠰᠠᠨ ᠪᠤᠯ ᠮᠢ᠍ᠨᠦ ᠦᠨᠦᠳ᠋ᠦᠷ ᠪᠠᠢ᠌ᠵᠦ ᠴᠢ᠍ᠳ᠋ᠠᠬᠤ ᠦᠬᠡᠢ᠂ ᠳᠠᠷᠠᠭ᠎ᠠ ᠳ᠋ᠤᠨᠢ ᠨᠠᠮ ᠵᠠᠰᠠᠭ᠂ ᠳᠠᠷᠤᠭ᠎ᠠ ᠺᠠᠳ᠋ᠷ ᠨᠡᠷ ᠤᠨ ᠶᠢᠡᠨ ᠬᠦᠮᠦᠵᠢ᠍ᠯ ᠵᠢ᠍ᠯᠤᠭᠤᠳ᠋ᠤᠯᠭᠠ᠂ ᠬᠠᠪᠰᠤᠷᠤᠯᠭ᠎ᠠ ᠳᠡᠮᠵᠢ᠍ᠯᠬᠡ ᠳᠤ ᠲᠠᠯᠠᠷᠬᠠᠨ᠎ᠠ᠃ᠡᠨᠡ ᠪᠤᠯ ᠮᠠᠨ ᠤ ᠪᠦᠬᠦ ᠭᠠᠴᠠᠭᠠᠨ ᠤ ᠠᠮᠵᠢ᠍ᠯᠲᠠ᠂ ᠭᠠᠴᠠᠭᠠᠨ ᠤ ᠤᠳ᠋ᠤᠷᠢ᠍ᠳᠬᠤ ᠪᠠᠭ ᠪᠤᠯᠤᠨ ᠬᠤᠷᠰᠢ᠍ᠶᠠᠵᠢ᠍ᠯ ᠤᠨ ᠪᠦᠬᠦ ᠳᠠᠭᠠᠭᠤᠯᠤᠭᠴᠢ ᠬᠦᠮᠦᠰ ᠤᠨ ᠠᠯᠳ᠋ᠠᠷ᠃ ᠪᠢ ᠲᠠ ᠨᠡᠷ ᠤᠨ ᠶᠢᠡᠨ ᠬᠦᠰᠡᠯ ᠨᠠᠢ᠌ᠳ᠋ᠠᠯᠭ᠎ᠠ ᠶᠢ ᠰᠢ ᠶᠢᠨ ᠫᠢᠩ᠌ ᠶᠡᠷᠦᠨᠭ᠍ᠭᠡᠢ ᠱᠦ᠋ᠵᠢ ᠳᠤ ᠳᠠᠮᠵᠢ᠍ᠭᠤᠯᠤᠭᠠᠳ ᠢᠷᠡᠯ᠎ᠠ᠁》ᠭᠡᠵᠦ ᠶᠠᠷᠢ᠍ᠶ᠎ᠠ ᠪᠠᠨ ᠡᠬᠢᠯᠡᠬᠦᠯᠦᠬᠡᠳ᠂ ᠦᠪᠡᠷ ᠶᠢᠡᠨ ᠶᠡᠷᠦᠨᠭ᠍ᠭᠡᠢ ᠱᠦ᠋ᠵᠢ ᠳᠤ ᠬᠡᠷᠬᠢᠨ ᠬᠠᠷᠢ᠍ᠭᠤ ᠮᠡᠳ᠋ᠡᠬᠦᠯᠦᠯᠲᠡ ᠬᠢᠭ᠍ᠰᠡᠨ ᠶᠢᠡᠨ ᠤᠯᠠᠨ ᠳ᠋ᠠᠭᠠᠨ ᠨᠠᠷᠢ᠍ᠯᠢ᠍ᠭ ᠰᠠᠢ᠌ᠬᠠᠨ ᠶᠠᠷᠢ᠍ᠵᠦ ᠦᠭ᠍ᠪᠡ᠃
᠊᠊᠊᠊᠊ ᠶᠡᠷᠦᠨᠭ᠍ᠭᠡᠢ ᠱᠦ᠋ᠵᠢ ᠮᠠᠨ ᠢ ᠵᠠᠮ ᠶᠢᠡᠨ ᠡᠷᠬᠡᠪᠰᠢ ᠵᠦ᠋ᠪ ᠠᠯᠬᠤᠬᠤ ᠬᠡᠷᠡᠭ᠍ᠲᠡᠢ ᠭᠡᠵᠡᠢ᠃ ᠲᠡᠬᠦᠨ ᠤ ᠶᠠᠷᠢ᠍ᠵᠦ ᠪᠠᠢ᠌ᠭ᠎ᠠ ᠡᠨᠡ ᠵᠠᠮ ᠪᠤᠯ ᠳᠠᠷᠤᠢ ᠤᠷᠴᠢ᠍ᠨ ᠲᠤᠭᠤᠷᠢ᠍ᠨ ᠢ ᠬᠠᠮᠠᠭᠠᠯᠠᠬᠤ ᠪᠠᠷ ᠤᠷᠢ᠍ᠳ᠋ᠠᠯ ᠪᠤᠯᠭᠠᠭᠰᠠᠨ ᠪᠤᠬᠢᠷᠳ᠋ᠤᠯ ᠦᠬᠡᠢ ᠬᠦᠭ᠍ᠵᠢ᠍ᠯᠲᠡ ᠶᠢᠨ ᠵᠠᠮ ᠭᠡᠵᠦ ᠪᠢ ᠤᠢ᠌ᠯᠠᠭᠠᠵᠦ ᠪᠠᠢ᠌ᠨ᠎ᠠ᠃ ᠭᠠᠴᠠᠭᠠᠨ ᠤ ᠬᠦᠭ᠍ᠵᠢ᠍ᠯᠲᠡ ᠶᠢᠨ ᠵᠠᠮ ᠶᠢᠡᠨ ᠪᠢᠳ᠋ᠡ ᠵᠠᠪᠠᠯ ᠵᠦ᠋ᠪ ᠠᠯᠬᠤᠵᠦ᠂ᠶᠠᠭᠠᠬᠢᠭᠰᠠᠨ ᠴᠤ ᠶᠡᠷᠦᠨᠭ᠍ᠭᠡᠢ ᠱᠦ᠋ᠵᠢ ᠶᠢᠨ ᠬᠦᠰᠡᠯ ᠱᠠᠭᠠᠷᠳ᠋ᠠᠯᠭ᠎ᠠ ᠶᠢ ᠬᠦᠰᠡᠷᠳ᠋ᠡᠬᠦᠯᠵᠦ ᠪᠤᠯᠬᠤ ᠦᠬᠡᠢ᠃ ᠳᠠᠷᠠᠭᠠᠴᠢ ᠪᠠᠷ ᠮᠠᠨ ᠤ ᠭᠠᠴᠠᠭ᠎ᠠ ᠪᠠᠨ ᠡᠢ᠌ᠮᠦ ᠳᠦ᠋ᠷᠪᠡᠨ ᠲᠠᠯ᠎ᠠ ᠪᠠᠷ ᠬᠦᠭ᠍ᠵᠢ᠍ᠬᠦᠯᠦᠨᠠ ᠭᠡᠵᠦ ᠲᠦ᠋ᠯᠦᠪᠯᠡᠵᠦ ᠪᠠᠢ᠌ᠨ᠎ᠠ᠃ ᠦᠬᠡᠷ ᠮᠠᠯ ᠲᠡᠵᠢ᠍ᠬᠡᠬᠦ ᠦᠢ᠍ᠯᠡᠰ ᠶᠢᠡᠨ ᠨᠡᠡᠭ᠌ ᠤᠳᠤᠬᠢᠴᠢᠯᠠᠭᠤᠯᠤᠨ᠂ ᠲᠠᠷᠢ᠍ᠶᠠᠯᠠᠬᠤ ᠠᠵᠦ ᠦᠢ᠍ᠯᠡᠰ ᠢ ᠬᠦᠭ᠍ᠵᠢ᠍ᠬᠦᠯᠵᠦ᠂ ᠡᠪᠡᠰᠦᠨ ᠡᠮ ᠲᠠᠷᠢᠨ᠎ᠡ᠂ ᠦᠨᠳ᠋ᠦᠰᠦᠨ ᠱᠠᠲᠤᠨ ᠤ ᠨᠠᠮ ᠤᠨ ᠬᠡᠰᠢ᠍ᠬᠦᠨ ᠢ ᠬᠦᠮᠦᠵᠢ᠍ᠬᠦᠯᠬᠦ ᠰᠠᠭᠤᠷᠢ᠍ᠨ ᠭᠠᠵᠠᠷ᠂ᠮᠠᠯᠴᠢ᠍ᠨ ᠲᠠᠷᠢ᠍ᠶᠠᠴᠢ᠍ᠳ ᠲᠤ ᠪᠤᠯᠪᠠᠰᠤᠷᠠᠯ ᠬᠦᠷᠲᠡᠭᠡᠬᠦ ᠰᠠᠭᠤᠷᠢ᠍ᠨ ᠭᠠᠵᠠᠷ ᠵᠡᠷᠭᠡ ᠶᠢ ᠪᠦᠲᠦᠭᠡᠨ ᠪᠠᠢ᠌ᠭᠤᠯᠤᠨ᠎ᠠ ᠪᠦᠬᠦᠢ᠌ᠯᠡ ᠪᠠᠶᠠᠨᠲᠠᠯ᠎ᠠ ᠰᠤᠮᠤ ᠶᠢᠨ ᠡᠯ᠎ᠠ ᠲᠤᠰᠬᠤᠨ ᠤ ᠤᠨᠴᠠᠯᠢ᠍ᠭ ᠪᠤᠯᠤᠨ ᠪᠠᠢ᠌ᠭᠠᠯᠢ ᠶᠢᠨ ᠨᠦ᠋ᠬᠦᠴᠡᠯ ᠳᠤ ᠲᠤᠬᠢᠷᠠᠭᠤᠯᠤᠨ ᠦᠪᠡᠷᠮᠢ᠍ᠴᠡ ᠦᠨᠳ᠋ᠦᠰᠦᠲᠡᠨ ᠤ ᠤᠨᠴᠠᠯᠢ᠍ᠭ ᠪᠦᠬᠦᠢ ᠠᠵᠦ ᠦᠢ᠍ᠯᠡᠰ ᠶᠢᠡᠷ ᠬᠡᠯᠬᠢᠶᠡᠵᠢ᠍ᠬᠦᠯᠦᠭ᠍ᠰᠡᠨ ᠵᠤᠭᠠᠴᠠᠯ ᠤᠨ ᠰᠠᠭᠤᠷᠢ᠍ᠨ ᠭᠠᠵᠠᠷ ᠢ ᠪᠦᠲᠦᠭᠡᠨ ᠪᠠᠢ᠌ᠭᠤᠯᠤᠨ᠎ᠠ᠃ᠳᠠᠷᠠᠭᠠᠴᠢ ᠪᠠᠷ ᠪᠦᠬᠦ ᠭᠠᠴᠠᠭᠠᠨ ᠤ ᠤᠯᠠᠨ ᠲᠦ᠋ᠮᠡᠨ ᠤ ᠡᠮ ᠡᠮᠨᠡᠯᠬᠡ ᠶᠢᠨ ᠳᠠᠭᠠᠳᠬᠠᠯ᠂ ᠨᠠᠰᠤᠵᠢ᠍ᠯ ᠤᠨ ᠳᠠᠭᠠᠳᠬᠠᠯ᠂ ᠡᠳ᠋ ᠬᠦᠷᠦᠨᠭ᠍ᠭᠡ ᠶᠢᠨ ᠳᠠᠭᠠᠳᠬᠠᠯ ᠵᠡᠷᠭᠡ ᠶᠢ ᠪᠦᠷ ᠬᠤᠷᠰᠢ᠍ᠶᠠᠵᠢ᠍ᠯ ᠡᠴᠡ ᠪᠠᠨ ᠲᠤᠰᠢ᠍ᠶᠠᠵᠦ ᠦᠭᠬᠦᠨ᠎ᠠ᠃ ᠨᠢ᠍ᠬᠡ ᠨᠡᠷ᠎ᠠ ᠲᠡᠮᠲᠡᠭ᠌ ᠡᠬᠦᠳ᠋ᠦᠨᠠ ᠭᠡᠭ᠍ᠴᠢ ᠬᠢᠯᠪᠠᠷ ᠪᠢᠰᠢ᠂ ᠤᠳ᠋ᠠᠭᠠᠨ ᠪᠦᠬᠡᠳ ᠪᠤᠳ᠋ᠤᠯᠢ᠍ᠶᠠᠨᠲᠠᠢ ᠶᠠᠪᠤᠴᠠ ᠬᠡᠷᠡᠭ᠍ᠲᠡᠢ᠃ ᠤᠳ᠋ᠤ ᠪᠤᠯᠲᠡᠯᠠ ᠮᠠᠨ ᠤ ᠮᠢ᠍ᠨᠭ᠍ᠭᠠᠭᠠᠳ ᠭᠡᠰᠢ᠍ᠭᠦᠨ ᠤᠨ ᠨᠢᠭᠡ ᠨᠢ ᠴᠤ ᠬᠤᠷᠰᠢ᠍ᠶᠠᠵᠢ᠍ᠯ ᠡᠴᠡ ᠭᠠᠷᠤᠭᠰᠠᠨ ᠦᠬᠡᠢ᠂ ᠤᠳ᠋ᠤᠷᠢ᠍ᠳᠬᠤ ᠪᠠᠭ ᠪᠤᠯᠤᠨ ᠬᠤᠷᠰᠢ᠍ᠶᠠᠵᠢ᠍ᠯ ᠤᠨ ᠳᠠᠭᠠᠭᠤᠯᠤᠭᠴᠢ ᠪᠤᠯᠤᠭᠰᠠᠳ ᠤᠨ ᠨᠢ᠍ᠬᠡ ᠬᠦᠮᠦᠨ ᠨᠢ ᠴᠤ《 ᠰᠦ᠋ᠷᠦᠭ᠌》ᠡᠴᠡ ᠪᠠᠨ ᠬᠤᠴᠤᠷᠤᠭᠰᠠᠨ ᠦᠬᠡᠢ᠃ ᠡᠨᠡ ᠪᠤᠯ ᠪᠠᠬᠠᠳ᠋ᠤᠭᠤᠰᠢ᠍ᠲᠠᠢ ᠶᠠᠪᠤᠳ᠋ᠠᠯ᠃ ᠤᠳ᠋ᠤᠬᠠᠨ ᠳᠤ ᠪᠢᠳ᠋ᠡ ᠮᠦ᠋ᠨ ᠠᠨᠭ᠍ᠬᠠᠨ ᠤ ᠠᠯᠬᠤᠮ ᠳ᠋ᠠᠭᠠᠨ ᠪᠠᠢ᠌ᠨ᠎ᠠ᠃ ᠡᠬᠦᠨ ᠡᠴᠡ ᠬᠤᠵᠢ᠍ᠮ ᠪᠦᠬᠦᠳ᠋ᠡᠭᠡᠷ ᠶᠢᠡᠨ ᠨᠡᠡᠭ᠌ ᠢᠯᠡᠬᠦᠦ ᠪᠦᠯᠬᠦᠮᠳ᠋ᠡᠨ ᠴᠢ᠍ᠷᠮᠠᠢ᠌ᠬᠤ ᠬᠡᠷᠡᠭ᠍ᠲᠡᠢ ᠭᠡᠵᠦ ᠡᠦ ᠶᠦ᠋ᠨ ᠪᠦᠧᠧ ᠶᠠᠷᠢ᠍ᠵᠦ ᠪᠠᠢ᠌ᠯ᠎ᠠ᠃
ᠡᠦ ᠶᠦ᠋ᠨ ᠪᠦᠧᠧ ᠵᠠᠯᠭᠠᠭᠠᠳ ᠪᠠᠰᠠ᠂ ᠬᠤᠷᠰᠢ᠍ᠶᠠᠵᠢ᠍ᠯ ᠤᠨ ᠬᠡᠰᠢ᠍ᠬᠦᠨ᠂ ᠠᠬᠠᠮᠠᠳ ᠨᠠᠮ ᠤᠨ ᠬᠡᠰᠢ᠍ᠬᠦᠨ᠂ ᠶᠠᠳ᠋ᠠᠭᠤ ᠡᠴᠡ ᠠᠨᠭ᠍ᠭᠢᠵᠢ᠍ᠷᠠᠭᠰᠠᠨ ᠡᠷᠦᠬᠡ ᠁ ᠭᠡᠳ ᠨᠡᠯᠢ᠍ᠶᠡᠳ ᠬᠡᠳ᠋ᠦᠨ ᠡᠷᠦᠬᠡ ᠪᠠᠷ ᠬᠦᠷᠴᠦ᠂《 ᠬᠤᠶᠠᠷ ᠬᠤᠷᠠᠯ》᠋ ᠤᠨ ᠵᠤᠷᠢ᠍ᠭ ᠰᠠᠨᠠᠭ᠎ᠠ᠂ ᠤᠨᠴᠠᠭᠠᠢ᠌ᠯᠠᠨ ᠰᠢ ᠶᠢᠨ ᠫᠢᠩ᠌ ᠶᠡᠷᠦᠨᠭ᠍ᠭᠡᠢ ᠱᠦ᠋ᠵᠢ ᠶᠢᠨ ᠴᠢ᠍ᠬᠤᠯᠠ ᠶᠠᠷᠢ᠍ᠶᠠᠨ ᠤ ᠵᠤᠷᠢ᠍ᠭ ᠰᠠᠨᠠᠭ᠎ᠠ ᠪᠤᠯᠤᠨ ᠬᠠᠮᠤᠭ ᠰᠢ᠍ᠨ᠎ᠠ ᠲᠦ᠋ᠷᠦ ᠶᠢᠨ ᠪᠤᠳ᠋ᠤᠯᠭ᠎ᠠ ᠶᠢ ᠤᠯᠠᠮᠵᠢ᠍ᠯᠠᠨ ᠳᠠᠮᠵᠢ᠍ᠭᠤᠯᠵᠦ᠂ ᠲᠡᠳ᠋ᠡᠨᠡᠷ ᠲᠡᠭᠡᠨ《 ᠨᠠᠨᠳ᠋ᠢ᠍ᠨ ᠪᠡᠯᠡᠭ᠌》ᠪᠤᠯᠭᠠᠨ ᠪᠠᠷᠢ᠍ᠵᠦ᠂ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠤᠨ ᠲᠦ᠋ᠯᠦᠬᠡᠯᠡᠭ᠍ᠴᠢ ᠪᠤᠯᠤᠭᠰᠠᠨ ᠠᠷᠢ᠍ᠭᠤᠨ ᠳᠠᠷᠬᠠᠨ ᠡᠬᠦᠷᠭᠡ ᠬᠠᠷᠢ᠍ᠭᠤᠴᠠᠯᠭ᠎ᠠ ᠪᠠᠨ ᠬᠦᠢ᠍ᠴᠡᠳᠭᠡᠪᠡ᠃ ᠡᠨᠡ ᠮᠡᠲᠦ ᠪᠠᠷ ᠲᠦ᠋ᠯᠦᠬᠡᠯᠡᠭ᠍ᠴᠢ ᠡᠦ ᠶᠦ᠋ᠨ ᠪᠦᠧᠧ ᠭᠠᠴᠠᠭ᠎ᠠ᠂ᠰᠤᠮᠤ᠂ ᠬᠤᠰᠢ᠍ᠭᠤ ᠬᠦᠷᠲᠡᠯ᠎ᠠ ᠨᠠᠭᠠᠰᠢ ᠴᠠᠭᠠᠰᠢ ᠳᠠᠪᠬᠢᠵᠦ《 ᠬᠤᠶᠠᠷ ᠬᠤᠷᠠᠯ》᠋ ᠤᠨ ᠵᠤᠷᠢ᠍ᠭ ᠰᠠᠨᠠᠭ᠎ᠠ ᠶᠢ ᠤᠬᠠᠭᠤᠯᠤᠨ ᠲᠠᠢ᠌ᠯᠪᠤᠷᠢ᠍ᠯᠠᠵᠦ ᠶᠠᠭᠠᠷᠠᠨ᠎ᠠ᠃
᠊᠊᠊᠊᠊ ᠶᠡᠷᠦᠨᠭ᠍ᠭᠡᠢ ᠱᠦ᠋ᠵᠢ ᠶᠢᠨ ᠲᠡᠳ᠋ᠡᠭᠡᠷ ᠨᠤᠳ᠋ᠠᠯᠠᠯᠲᠠ ᠪᠤᠯᠤᠨ ᠵᠤᠷᠢ᠍ᠭᠵᠢ᠍ᠭᠤᠯᠤᠯ ᠤᠨ ᠦᠬᠡ ᠨᠢ ᠮᠢ᠍ᠨᠦ ᠬᠠᠨᠴᠤᠢ ᠰᠢ᠍ᠮᠠᠯᠠᠨ ᠴᠢ᠍ᠷᠮᠠᠢ᠌ᠨ ᠠᠵᠢ᠍ᠯᠯᠠᠬᠤ ᠤᠷᠮ᠎ᠠ ᠵᠤᠷᠢ᠍ᠭ ᠢ ᠨᠡᠡᠭ᠌ ᠬᠦᠪᠴᠢ᠍ᠯᠡᠵᠦ᠂ ᠬᠤᠷᠰᠢ᠍ᠶᠠᠵᠢ᠍ᠯ ᠶᠢᠡᠨ ᠨᠡᠡᠭ᠌ ᠬᠦᠴᠦᠷᠭᠡᠭ᠍ᠵᠢ᠍ᠬᠦᠯᠦᠨ ᠪᠤᠵᠠᠭᠠᠢ᠌ᠷᠠᠭᠤᠯᠵᠦ᠂ ᠨᠡᠡᠭ᠌ ᠤᠯᠠᠨ ᠮᠠᠯᠴᠢ᠍ᠨ ᠲᠠᠷᠢ᠍ᠶᠠᠴᠢ᠍ᠨ ᠶᠢᠡᠨ ᠳᠠᠭᠠᠭᠤᠯᠤᠨ ᠴᠢ᠍ᠨᠡᠭᠡᠯᠢ᠍ᠭ᠌ ᠨᠡᠢ᠌ᠬᠡᠮ ᠳᠤ ᠠᠯᠬᠤᠨ ᠤᠷᠤᠬᠤ ᠢᠲᠡᠭᠡᠯ ᠢ ᠤᠯᠠᠮ ᠪᠠᠳ᠋ᠤᠳᠬᠠᠵᠠᠢ᠃ ᠪᠢᠳ᠋ᠡ ᠵᠠᠪᠠᠯ ᠶᠡᠷᠦᠨᠭ᠍ᠭᠡᠢ ᠱᠦ᠋ᠵᠢ ᠶᠢᠨ ᠵᠢ᠍ᠭᠠᠭᠰᠠᠨ ᠵᠠᠮ ᠶᠢᠡᠷ ᠢᠳ᠋ᠡᠭᠡᠯ ᠳᠡᠬᠦᠯᠳ᠋ᠡᠷ ᠤᠷᠤᠭᠰᠢ᠍ᠯᠠᠨᠠ ᠭᠡᠵᠦ ᠡᠦ ᠶᠦ᠋ᠨ ᠪᠦᠧᠧ ᠬᠡᠯᠡᠵᠦ ᠪᠠᠢ᠌ᠯ᠎ᠠ᠃