ᠠᠭᠤᠯᠨ ᠄ ᠠᠷᠠᠳ ᠤᠯᠠᠨ ᠤ ᠲᠦ᠋ᠯᠦᠭᠡ ᠴᠦ᠋ᠬᠦᠷᠡᠰᠢ ᠦᠭᠡᠶ ᠲᠡᠮᠡᠴᠡᠨ ᠠᠷᠠᠳ ᠤᠨ ᠲᠦ᠋ᠯᠦᠭᠡᠯᠡᠭ᠍ᠴᠢ ᠶᠢᠨ ᠡᠭᠦᠷᠭᠡ ᠬᠠᠷᠢ᠍ᠭᠤᠴᠠᠯᠭ᠎ᠠ ᠪᠠᠨ ᠴᠢ᠍ᠷᠮᠡᠢ᠌ᠨ ᠭᠦᠢ᠍ᠴᠡᠳᠭᠡᠨᠠ
ᠬᠠᠷᠠᠯᠠᠬᠠᠨ ᠬᠠᠴᠠᠷ᠂ ᠬᠦᠳ᠋ᠡᠷ ᠴᠢ᠍ᠬᠢᠷᠠᠭ ᠪᠠᠶ᠎ᠠ ᠪᠢᠯᠳ᠋ᠡᠷ᠂ ᠡᠷᠡᠰ ᠴᠢ᠍ᠩᠭ᠎ᠠ ᠨᠢ᠍ᠳ᠋ᠦᠨ ᠬᠠᠷᠠᠴᠠ ᠡᠴᠡ ᠨᠢ ᠡᠨᠡ ᠬᠦᠮᠦᠨ ᠦ ᠠᠵᠢ᠍ᠯ ᠳᠤ ᠪᠠᠨ ᠭᠠᠪᠰᠢ᠍ᠭᠠᠢ᠂ ᠡᠶᠡᠯᠳ᠋ᠡᠭ᠌ ᠵᠦ᠋ᠭᠡᠯᠡᠨ ᠵᠠᠩ ᠠᠭᠠᠯᠢ ᠶᠢ ᠨᠢ ᠤᠯᠵᠤ ᠬᠠᠷᠠᠨ᠎ᠠ᠃2017 ᠤᠨ ᠤ10 ᠰᠠᠷ᠎ᠠ ᠳᠤ᠂ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠲᠦ᠋ᠯᠦᠭᠡᠯᠡᠭ᠍ᠴᠢ ᠪᠤᠯᠤᠭᠰᠠᠨ ᠡᠴᠡ ᠨᠠᠰᠢ᠂ ᠲᠡᠷᠡ ᠠᠷᠠᠳ ᠤᠨ ᠲᠦ᠋ᠯᠦᠭᠡᠯᠡᠭ᠍ᠴᠢ ᠶᠢᠨ ᠦᠢ᠍ᠯᠡᠳ᠋ᠦᠯ ᠢᠶᠠᠨ ᠭᠦᠢ᠍ᠴᠡᠳ ᠪᠠᠳ᠋ᠠᠷᠠᠭᠤᠯᠵᠤ᠂ ᠤᠯᠠᠨ ᠲᠦ᠋ᠮᠡᠨ ᠦ ᠲᠦ᠋ᠯᠦᠭᠡ ᠰᠠᠨᠠᠯ ᠵᠦ᠋ᠪᠯᠡᠯᠭᠡ ᠲᠤᠷᠠᠳ᠋ᠤᠨ᠂ ᠤᠯᠠᠨ ᠲᠦ᠋ᠮᠡᠨ ᠳᠤ ᠰᠠᠢ᠌ᠨ ᠶᠠᠪᠤᠳ᠋ᠠᠯ ᠪᠤᠳ᠋ᠠᠳ᠋ᠤ ᠶᠠᠪᠤᠳ᠋ᠠᠯ ᠬᠢᠵᠤ ᠶᠠᠪᠤᠨ᠎ᠠ᠃ ᠲᠠᠷᠡ ᠪᠤᠯ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠲᠦ᠋ᠯᠦᠭᠡᠯᠡᠭ᠍ᠴᠢ᠂ ᠦᠯᠵᠡᠢ᠌ᠮᠦᠢ᠍ᠷᠡᠨ ᠰᠤᠮᠤ ᠶᠢᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠲᠡᠷᠢ᠍ᠭᠦᠯᠡᠭ᠍ᠴᠢ ᠠᠭᠤᠯᠨ ᠪᠤᠯᠤᠨ᠎ᠠ᠃
ᠦᠯᠵᠡᠢ᠌ᠮᠦᠢ᠍ᠷᠡᠨ ᠰᠤᠮᠤ ᠶᠢᠨ〈 ᠲᠦᠯᠤᠭᠡᠯᠡᠭᠴᠢ ᠶᠢᠨ ᠭᠡᠷ〉ᠲᠤ ᠠᠯᠬᠤᠨ ᠤᠷᠤᠬᠤ ᠳᠤ᠂ ᠠᠭᠤᠯᠨ ᠶᠠᠭ ᠰᠠᠶᠢ᠍ᠬᠠᠨ ᠬᠤᠰᠢ᠍ᠭᠤ᠂ ᠰᠤᠮᠤ ᠬᠤᠶᠠᠷ ᠱᠠᠳ᠋ᠤᠨ ᠤ ᠠᠷᠠᠳ ᠤᠨ ᠲᠦ᠋ᠯᠦᠭᠡᠯᠡᠭ᠍ᠴᠢ ᠲᠡᠶ ᠡᠨᠡ ᠵᠢᠯ ᠦᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠳᠤ ᠳᠡᠪᠰᠢ᠍ᠬᠦᠯᠬᠦ《ᠠᠮᠢ ᠠᠬᠤᠢ ᠶᠢᠨ ᠪᠦᠲᠦᠭᠡᠨ ᠪᠠᠢ᠌ᠭᠤᠯᠤᠯᠳ᠋ᠠ ᠶᠢ ᠤᠷᠳ᠋ᠤ ᠬᠤᠭᠤᠴᠠᠭ᠎ᠠ ᠲᠤᠭᠳ᠋ᠠᠭᠤᠨ ᠲᠦ᠋ᠯᠬᠢᠨ ᠠᠬᠢᠭᠤᠯᠬᠤ ᠲᠤᠬᠠᠢ ᠰᠠᠨᠠᠯ ᠵᠦ᠋ᠪᠯᠡᠯᠭᠡ》᠋ ᠶᠢ ᠶᠠᠷᠢ᠍ᠯᠴᠠᠵᠤ᠂ ᠵᠠᠰᠠᠪᠤᠷᠢ ᠤᠷᠤᠭᠤᠯᠤᠨ ᠲᠡᠭᠦᠯᠳ᠋ᠡᠷᠵᠢ᠍ᠭᠦᠯᠵᠤ ᠪᠠᠢ᠌ᠯ᠎ᠠ᠃
ᠠᠭᠤᠯᠨ ᠦᠷᠬᠦᠯᠵᠢ ᠭᠠᠴᠠᠭ᠎ᠠ ᠲᠤᠰᠬᠤᠨ ᠳᠤ ᠭᠦᠨᠵᠡᠭᠡᠢ᠌ᠷᠡᠨ᠂ ᠡᠷᠦᠭᠡ ᠳᠤ ᠤᠷᠤᠵᠤ᠂ ᠤᠯᠠᠨ ᠲᠦ᠋ᠮᠡᠨ ᠦ ᠰᠡᠳᠬᠢᠯ ᠦᠨ ᠳᠠᠭᠤᠨ ᠢ ᠰᠤᠨᠤᠰᠬᠤ ᠪᠡᠷ ᠪᠠᠷᠠᠬᠤ ᠦᠭᠡᠶ᠂ ᠪᠠᠰᠠ ᠤᠯᠠᠨ ᠤᠳ᠋ᠠᠭ᠎ᠠ ᠠᠷᠠᠳ ᠤᠨ ᠲᠦ᠋ᠯᠦᠭᠡᠯᠡᠭ᠍ᠴᠢ᠍ᠳ ᠢ ᠳᠠᠭᠠᠭᠤᠯᠵᠤ᠂ ᠬᠤᠷᠴᠢ᠍ᠨ ᠤ ᠡᠯᠡᠰᠦᠷᠭᠡᠭ᠌ ᠭᠠᠵᠠᠷ ᠪᠤᠯᠬᠤ ᠠᠯᠳ᠋ᠠᠢ ᠮᠠᠩᠬ᠎ᠠ ᠶᠢ ᠵᠠᠰᠠᠨ ᠰᠡᠷᠬᠦᠬᠡᠬᠦ ᠤᠷᠤᠨ ᠳᠤ ᠬᠦᠷᠴᠦ᠂ ᠪᠠᠢ᠌ᠴᠠᠭᠠᠯᠳ᠋ᠠ ᠬᠢᠭ᠍ᠰᠡᠨ ᠪᠠᠢ᠌ᠨ᠎ᠠ᠃ ᠠᠭᠤᠯᠨ ᠬᠡᠯᠡᠭ᠍ᠰᠡᠨ ᠨᠢ᠂ ᠬᠠᠰᠢ᠍ᠶᠠᠯᠠᠨ ᠲᠡᠵᠢ᠍ᠭᠡᠵᠤ ᠪᠡᠯᠴᠢ᠍ᠭᠡᠷᠯᠡᠬᠦᠯᠬᠦ ᠶᠢ ᠬᠤᠷᠢ᠍ᠭᠯᠠᠬᠤ ᠲᠦ᠋ᠷᠦ ᠶᠢᠨ ᠪᠤᠳ᠋ᠤᠯᠭ᠎ᠠ ᠪᠤᠯᠤᠨ ᠬᠤᠨᠢ ᠢᠮᠠᠭ᠎ᠠ ᠶᠢ ᠪᠠᠭᠠᠰᠬᠠᠵᠤ ᠦᠭᠡᠷ ᠢ ᠨᠡᠮᠡᠭ᠍ᠳ᠋ᠡᠬᠦᠯᠬᠦ ᠪᠠᠢ᠌ᠯᠳ᠋ᠤᠬᠤ ᠪᠤᠳ᠋ᠤᠯᠭ᠎ᠠ ᠶᠢ ᠲᠦ᠋ᠯᠬᠢᠨ ᠤᠷᠤᠭᠰᠢ᠍ᠯᠠᠭᠤᠯᠵᠤ ᠬᠡᠷᠡᠭ᠍ᠵᠢ᠍ᠬᠦᠯᠬᠦ ᠶᠢ ᠳᠠᠭᠠᠯᠳ᠋ᠤᠨ᠂ ᠰᠤᠮᠤ ᠶᠢᠨ ᠦᠷᠬᠦᠯᠵᠢ᠍ᠯᠡᠨ ᠭᠦᠭ᠍ᠵᠢ᠍ᠯᠳ᠋ᠡ ᠪᠠ ᠠᠮᠢ ᠠᠬᠤᠢ ᠶᠢᠨ ᠪᠤᠯᠪᠠᠰᠤᠨ ᠤ ᠪᠦᠲᠦᠭᠡᠨ ᠪᠠᠢ᠌ᠭᠤᠯᠤᠯᠳ᠋ᠠ ᠨᠢ᠍ᠭᠡᠨᠳ᠋ᠡ ᠠᠩᠬ᠎ᠠ ᠠᠯᠬᠤᠮ ᠤᠨ ᠦᠷ᠎ᠠ ᠪᠦᠲᠦᠮᠵᠢ ᠤᠯᠤᠭᠰᠠᠨ ᠪᠠᠢ᠌ᠨ᠎ᠠ ᠬᠡᠪᠡ᠃
ᠤᠯᠠᠨ ᠤᠳ᠋ᠠᠭᠠᠨ ᠤ ᠪᠠᠢ᠌ᠴᠠᠭᠠᠨ ᠰᠤᠳ᠋ᠤᠯᠬᠤ ᠪᠡᠷ ᠳᠠᠮᠵᠢ᠍ᠨ᠂ ᠠᠭᠤᠯᠨ ᠡᠨᠡ ᠵᠢᠯ ᠤᠨ ᠶᠡᠭᠡ ᠬᠤᠷᠠᠯ ᠳᠤ《ᠮᠠᠯᠵᠢ᠍ᠬᠤ ᠲᠠᠷᠢ᠍ᠶᠠᠯᠠᠬᠤ ᠦᠢ᠍ᠯᠡᠰ ᠦᠨ ᠰᠠᠭᠤᠷᠢ ᠲᠦ᠋ᠬᠦᠭᠡᠷᠦᠮᠵᠢ ᠶᠢᠨ ᠪᠦᠲᠦᠭᠡᠨ ᠪᠠᠢ᠌ᠭᠤᠯᠤᠯᠳ᠋ᠡ ᠶᠢ ᠴᠢ᠍ᠩᠭ᠋ᠠᠳᠬᠠᠬᠤ ᠲᠤᠬᠠᠢ ᠰᠠᠨᠠᠭᠤᠯᠭ᠎ᠠ》ᠳᠡᠪᠰᠢ᠍ᠬᠦᠯᠬᠦ ᠪᠡᠷ ᠪᠡᠯᠡᠳᠭᠡᠨ᠂ ᠮᠠᠯᠴᠢ᠍ᠨ ᠲᠡᠷᠢ᠍ᠶᠠᠴᠢ᠍ᠨ ᠢ ᠤᠯᠠᠮ ᠨᠢ᠍ᠭᠡ ᠠᠯᠬᠤᠮ ᠤᠳ᠋ᠤᠷᠢ᠍ᠳ᠋ᠤᠨ ᠤᠷᠤᠯᠭ᠎ᠠ ᠶᠢ ᠨᠢ ᠨᠡᠮᠡᠭ᠍ᠳ᠋ᠡᠭᠦᠯᠵᠦ᠂ ᠠᠮᠢ ᠠᠬᠤᠢ ᠤᠷᠴᠢ᠍ᠨ ᠲᠤᠭᠤᠷᠢ᠍ᠨ ᠤ ᠬᠠᠮᠠᠭᠠᠯᠠᠯᠳ᠋ᠡ ᠶᠢᠨ ᠵᠤᠷᠢ᠍ᠯᠳ᠋ᠡ ᠳᠤ ᠪᠠᠨ ᠬᠦᠷᠬᠦ ᠪᠡᠷ ᠴᠢ᠍ᠷᠮᠠᠢ᠌ᠨᠠ᠃
ᠨᠢ᠍ᠭᠡᠨ ᠦᠨᠳ᠋ᠦᠰᠦᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢ ᠪᠤᠯᠤᠭᠰᠠᠨ ᠤ ᠬᠤᠪᠢ ᠳᠤ᠂ ᠠᠭᠤᠯᠨ ᠶᠢᠨ ᠤᠯᠠᠨ ᠲᠦ᠋ᠮᠡᠨ ᠲᠡᠶ ᠰᠡᠳᠬᠢᠯ ᠵᠢᠷᠦᠭᠡ ᠪᠠᠨ ᠬᠤᠯᠪᠤᠨ᠂ ᠦᠭᠡ ᠳᠠᠭᠤᠨ ᠦᠭᠡᠶ ᠦᠢ᠍ᠯᠡᠴᠢ᠍ᠯᠡᠬᠦ ᠵᠤᠷᠢ᠍ᠭ ᠰᠠᠨᠠᠭ᠎ᠠ ᠨᠢ ᠳᠡᠬᠦᠨ ᠢ ᠤᠯᠠᠨ ᠲᠦ᠋ᠮᠡᠨ ᠦ ᠲᠤᠮᠳ᠋ᠠᠬᠢ〈ᠲᠤᠳ᠋ᠤᠨᠤ ᠬᠦᠮᠦᠨ〉ᠪᠤᠯᠭᠠᠵᠤ᠂ ᠠᠷᠠᠳ ᠤᠨ ᠲᠦ᠋ᠯᠦᠭᠡ ᠵᠢᠳᠬᠦᠬᠦ ᠬᠦᠨᠳ᠋ᠦ ᠡᠭᠦᠷᠭᠡᠯᠡᠯ ᠢ ᠡᠭᠦᠷᠴᠦ᠂ ᠦᠯᠵᠡᠢ᠌ᠮᠦᠢ᠍ᠷᠡᠨ ᠰᠤᠮᠤ ᠶᠢᠨ ᠭᠦᠭ᠍ᠵᠢ᠍ᠯᠳ᠋ᠡ ᠶᠢᠨ ᠲᠦ᠋ᠯᠦᠭᠡ ᠢᠳ᠋ᠡᠪᠬᠢᠳ᠋ᠠᠢ ᠰᠠᠨᠠᠯ ᠵᠦ᠋ᠪᠯᠡᠯᠭᠡ ᠲᠤᠷᠠᠳ᠋ᠤᠨ᠂ ᠠᠷᠠᠳ ᠤᠨ ᠲᠦ᠋ᠯᠦᠭᠡᠯᠡᠭ᠍ᠴᠢ ᠶᠢᠨ ᠡᠭᠦᠷᠭᠡ ᠬᠠᠷᠢ᠍ᠭᠤᠴᠠᠯᠭ᠎ᠠ ᠪᠠᠨ ᠴᠢ᠍ᠷᠮᠡᠢ᠌ᠨ ᠭᠦᠢ᠍ᠴᠡᠳᠭᠡᠵᠤ ᠶᠠᠪᠤᠨ᠎ᠠ᠃