ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠣᠷᠢᠶ᠎ᠠ ᠡᠴᠡ ᠮᠠᠨ ᠤ ᠬᠤᠰᠢ᠍ᠭᠤᠨ ᠤ《ᠪᠦᠬᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠤᠰᠤᠨ ᠤ ᠪᠤᠬᠢᠷᠳ᠋ᠤᠯ ᠢ ᠰᠡᠷᠭᠡᠢ᠌ᠯᠡᠨ ᠵᠠᠰᠠᠬᠤ ᠬᠠᠤᠯᠢ》᠊ ᠶᠢ ᠲᠤᠭᠤᠰᠢ᠍ᠯᠠᠭᠤᠯᠤᠨ ᠭᠡᠷᠡᠭ᠍ᠵᠢ᠍ᠭᠦᠯᠦᠭ᠍ᠰᠡᠨ ᠪᠠᠢ᠌ᠳ᠋ᠠᠯ ᠳᠤ ᠬᠠᠤᠯᠢ ᠬᠡᠷᠡᠭ᠍ᠵᠢ᠍ᠭᠦᠯᠦᠯᠳ᠋ᠡ ᠶᠢᠨ ᠪᠠᠢ᠌ᠴᠠᠭᠠᠯᠳ᠋ᠡ ᠦᠷᠨᠢᠭᠦᠯᠪᠡ

4ᠰᠠᠷ᠎ᠠ ᠶᠢᠨ16᠊ ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠦᠷᠡᠪᠠᠳ᠋ᠤ ᠡᠴᠡ ᠬᠡᠰᠡᠭ ᠠᠷᠠᠳ ᠤᠨ ᠲᠦ᠋ᠯᠦᠭᠡᠯᠡᠭ᠍ᠴᠢ᠍ᠳ ᠢ ᠳᠠᠭᠠᠭᠤᠯᠤᠨ ᠮᠠᠨ ᠤ ᠬᠤᠰᠢ᠍ᠭᠤᠨ ᠤ《ᠪᠦᠬᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠤᠰᠤᠨ ᠤ ᠪᠤᠬᠢᠷᠳ᠋ᠤᠯ ᠢ ᠰᠡᠷᠭᠡᠢ᠌ᠯᠡᠨ ᠵᠠᠰᠠᠬᠤ ᠬᠠᠤᠯᠢ》᠊ ᠶᠢ ᠲᠤᠭᠤᠰᠢ᠍ᠯᠠᠭᠤᠯᠤᠨ ᠭᠡᠷᠡᠭ᠍ᠵᠢ᠍ᠭᠦᠯᠦᠭ᠍ᠰᠡᠨ ᠪᠠᠢ᠌ᠳ᠋ᠠᠯ ᠳᠤ ᠬᠠᠤᠯᠢ ᠬᠡᠷᠡᠭ᠍ᠵᠢ᠍ᠭᠦᠯᠦᠯᠳ᠋ᠡ ᠶᠢᠨ ᠪᠠᠢ᠌ᠴᠠᠭᠠᠯᠳ᠋ᠡ ᠦᠷᠨᠢᠭᠦᠯᠪᠡ᠃ ᠬᠤᠰᠢ᠍ᠭᠤᠨ ᠳᠠᠷᠤᠭ᠎ᠠ ᠶᠢᠨ ᠲᠤᠰᠠᠯᠠᠭᠴᠢ ᠴᠢ᠍ᠨ ᠱᠠᠩ ᠵᠢᠶᠸ ᠵᠢᠴᠢ ᠬᠠᠮᠢ᠍ᠶ᠎ᠠ ᠪᠦᠬᠦᠢ ᠰᠠᠯᠠᠭ᠎ᠠ ᠮᠦ᠋ᠴᠢ᠍ᠷ ᠦᠨ ᠬᠠᠷᠢ᠍ᠭᠤᠴᠠᠯᠭᠠᠳ᠋ᠠᠨ ᠪᠠᠷ᠎ᠠ ᠪᠤᠯᠤᠨ ᠪᠠᠢ᠌ᠴᠠᠭᠠᠪᠠ᠃

ᠪᠠᠢ᠌ᠴᠠᠭᠠᠬᠤ ᠲᠤᠭᠤᠢ᠌ᠯᠠᠩ ᠤᠨ ᠬᠢᠨ ᠤᠷᠢ᠍ᠳ ᠬᠤᠵᠢ᠍ᠳ ᠬᠤᠢ᠌ᠳ᠋ᠤ ᠤᠰᠤᠨ ᠤ ᠦᠢ᠍ᠯᠡᠳᠪᠦᠷᠢ᠂ᠤᠰᠤᠨ ᠤ ᠡᠬᠢ ᠰᠤᠷᠪᠤᠯᠵᠢ ᠶᠢᠨ ᠭᠠᠵᠠᠷ ᠤᠨ ᠬᠠᠮᠠᠭᠠᠯᠠᠯᠳ᠋ᠡ ᠶᠢᠨ ᠲᠤᠭᠤᠷᠢ᠍ᠭ᠂ ᠨᠢ᠍ᠭᠡᠳ᠋ᠦᠭᠡᠷ ᠨᠤᠮᠸᠷᠳ᠋ᠤ ᠤᠰᠤᠨ ᠤ ᠰᠤᠷᠪᠤᠯᠵᠢ ᠶᠢᠨ ᠬᠤᠳᠳ᠋ᠤᠭ ᠵᠡᠷᠭᠡ ᠭᠠᠵᠠᠷ ᠲᠤ ᠬᠦᠷᠴᠤ᠂ᠲᠤᠬᠠᠢ ᠶᠢᠨ ᠭᠠᠵᠠᠷ ᠲᠤ ᠨᠢ ᠪᠠᠢ᠌ᠴᠠᠭᠠᠨ ᠦᠵᠡᠪᠡ᠃
ᠪᠠᠢ᠌ᠴᠠᠭᠠᠯᠳ᠋ᠠ ᠶᠢᠨ ᠳᠠᠷᠠᠭ᠎ᠠ᠂ᠰᠠᠭᠤᠳ᠋ᠠᠯ ᠤᠨ ᠬᠤᠷᠠᠯ ᠬᠤᠷᠠᠯᠳ᠋ᠤᠭᠤᠯᠵᠤ᠂ᠬᠤᠰᠢ᠍ᠭᠤᠨ ᠵᠠᠰᠠᠭ ᠤᠨ ᠤᠷᠳ᠋ᠤᠨ ᠤ ᠬᠠᠮᠢ᠍ᠶ᠎ᠠ ᠪᠦᠬᠦᠢ ᠬᠠᠷᠢ᠍ᠭᠤᠴᠠᠯᠭᠠᠳ᠋ᠠᠨ ᠤ《 ᠪᠦᠬᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠤᠰᠤᠨ ᠤ ᠪᠤᠬᠢᠷᠳ᠋ᠤᠯ ᠢ ᠰᠡᠷᠭᠡᠢ᠌ᠯᠡᠨ ᠵᠠᠰᠠᠬᠤ ᠬᠠᠤᠯᠢ》᠊ ᠶᠢ ᠲᠤᠭᠤᠰᠢ᠍ᠯᠠᠭᠤᠯᠤᠨ ᠭᠡᠷᠡᠭ᠍ᠵᠢ᠍ᠭᠦᠯᠦᠭ᠍ᠰᠡᠨ ᠪᠠᠢ᠌ᠳ᠋ᠠᠯ ᠤᠨ ᠬᠠᠷᠢ᠍ᠭᠤ ᠮᠡᠳ᠋ᠡᠬᠦᠯᠦᠯᠳ᠋ᠡ ᠶᠢ ᠰᠤᠨᠤᠰᠤᠭᠰᠠᠨ ᠪᠠᠢ᠌ᠨ᠎ᠠ᠃
ᠬᠠᠷᠢ᠍ᠭᠤ ᠮᠡᠳ᠋ᠡᠬᠦᠯᠦᠯᠳ᠋ᠡ ᠶᠢ ᠰᠤᠨᠤᠰᠤᠭᠰᠠᠨ ᠤ ᠳᠠᠷᠠᠭ᠎ᠠ᠂ ᠦᠷᠡᠪᠠᠳ᠋ᠤ ᠵᠢᠭᠠᠵᠤ ᠭᠠᠷᠭᠠᠭᠰᠠᠨ ᠨᠢ ᠲᠤᠰ ᠤᠳ᠋ᠠᠭᠠᠨ ᠤ ᠬᠠᠤᠯᠢ ᠬᠡᠷᠡᠭ᠍ᠵᠢ᠍ᠭᠦᠯᠦᠯᠳ᠋ᠡ ᠶᠢᠨ ᠪᠠᠢ᠌ᠴᠠᠭᠠᠯᠳ᠋ᠡ ᠨᠢ ᠪᠦᠬᠦ ᠬᠤᠰᠢ᠍ᠭᠤᠨ ᠤ ᠡᠯ᠎ᠠ ᠱᠠᠳ᠋ᠤ ᠡᠯ᠎ᠠ ᠰᠠᠯᠠᠭ᠎ᠠ ᠮᠦ᠋ᠴᠢ᠍ᠷ ᠪᠤᠯᠤᠨ ᠤᠯᠠᠨ ᠲᠦ᠋ᠮᠡᠨ ᠦ《ᠪᠦᠬᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠤᠨ ᠤᠰᠤᠨ ᠤ ᠪᠤᠬᠢᠷᠳ᠋ᠤᠯ ᠢ ᠰᠡᠷᠭᠡᠢ᠌ᠯᠡᠨ ᠵᠠᠰᠠᠬᠤ ᠬᠠᠤᠯᠢ》ᠬᠡᠷᠡᠭ᠍ᠵᠢ᠍ᠬᠦᠯᠦᠯᠳ᠋ᠡ ᠶᠢᠨ ᠴᠢ᠍ᠬᠤᠯᠨ ᠲᠠᠨᠢᠯᠳᠡ ᠶᠢ ᠤᠯᠠᠮ ᠨᠢ᠍ᠭᠡ ᠠᠯᠬᠤᠮ ᠴᠢ᠍ᠩᠭ᠋ᠠᠳᠬᠠᠵᠤ᠂《ᠭᠦᠭᠡᠮᠳ᠋ᠡᠭ᠌ ᠨᠤᠭᠤᠭᠠᠨ ᠠᠭᠤᠯᠠ ᠤᠰᠤ ᠪᠤᠯ ᠲᠠᠷᠤᠢ ᠠᠯᠳ᠋ᠠ ᠮᠦ᠋ᠡᠭ᠍ᠭᠦᠨ ᠠᠭᠤᠯᠠ》ᠬᠡᠬᠦ ᠤᠢ᠌ᠯᠠᠭᠠᠭᠳ᠋ᠠᠬᠤᠨ ᠢ ᠴᠢ᠍ᠩᠭ᠋ᠠᠷᠠᠭᠤᠯᠤᠨ᠂ ᠤᠰᠤᠨ ᠤ ᠪᠤᠬᠢᠷᠳ᠋ᠤᠯ ᠢ ᠬᠠᠤᠯᠢ ᠶᠤᠰᠤᠭᠠᠷ ᠰᠡᠷᠭᠡᠢ᠌ᠯᠡᠨ ᠵᠠᠰᠠᠬᠤ ᠠᠬᠢᠴᠠ ᠶᠢ ᠲᠦ᠋ᠷᠭᠡᠳᠭᠡᠨ᠂ ᠮᠠᠨ ᠤ ᠬᠤᠰᠢ᠍ᠭᠤᠨ ᠤ ᠠᠵᠤ ᠠᠬᠤᠢ ᠨᠡᠢ᠌ᠭᠡᠮ ᠦᠨ ᠵᠤᠬᠢᠴᠠᠩᠭ᠋ᠤᠢ ᠬᠦᠭ᠍ᠵᠢ᠍ᠯᠳ᠋ᠡ ᠶᠢ ᠲᠦ᠋ᠯᠬᠢᠨ ᠠᠬᠢᠭᠤᠯᠬᠤ ᠶᠢᠨ ᠲᠦ᠋ᠯᠦᠭᠡ ᠶᠤᠮ ᠭᠡᠵᠡᠢ᠃
ᠰᠠᠭᠤᠳ᠋ᠠᠯ ᠤᠨ ᠬᠤᠷᠠᠯ ᠳᠡᠭᠡᠷ᠎ᠠ᠂ᠬᠤᠰᠢ᠍ᠭᠤᠨ ᠳᠠᠷᠤᠭ᠎ᠠ ᠶᠢᠨ ᠲᠤᠰᠠᠯᠠᠭᠴᠢ ᠴᠢ᠍ᠨ ᠱᠠᠩ ᠵᠢᠶᠸ ᠠᠵᠤ ᠠᠬᠤᠢ᠌ᠯᠡᠯ ᠤᠨ ᠪᠤᠬᠢᠷᠳ᠋ᠤᠯ ᠤᠰᠤ ᠭᠠᠳ᠋ᠠᠭᠰᠢ᠍ᠯᠠᠭᠤᠯᠬᠤ᠂ ᠤᠰᠤ ᠬᠠᠩᠭ᠋ᠠᠬᠤ ᠦᠢ᠍ᠯᠡᠳᠪᠦᠷᠢ ᠶᠢᠨ ᠬᠠᠮᠢ᠍ᠶᠠᠷᠤᠯᠳ᠋ᠡ᠂ᠤᠰᠤᠨ ᠤ ᠡᠬᠢ ᠰᠤᠷᠪᠤᠯᠵᠢ ᠶᠢᠨ ᠬᠤᠳᠳ᠋ᠤᠭ ᠤᠨ ᠬᠠᠮᠢ᠍ᠶᠠᠷᠤᠯᠳ᠋ᠠ᠂ᠪᠤᠵᠠᠷ ᠤᠰᠤ ᠭᠠᠳ᠋ᠠᠭᠰᠢ᠍ᠯᠠᠭᠤᠯᠬᠤ ᠶᠢ ᠪᠠᠢ᠌ᠴᠠᠭᠠᠬᠤ ᠬᠠᠮᠢ᠍ᠶᠠᠷᠤᠯᠳ᠋ᠡ ᠵᠡᠷᠭᠡ ᠤᠰᠤᠨ ᠤ ᠪᠤᠬᠢᠷᠳ᠋ᠤᠯ ᠢ ᠰᠡᠷᠭᠡᠢ᠌ᠯᠡᠨ ᠵᠠᠰᠠᠬᠤ ᠠᠵᠢ᠍ᠯ ᠶᠢᠨ ᠲᠠᠯ᠎ᠠ ᠪᠡᠷ ᠴᠢ᠍ᠩᠭ᠋ᠠᠳᠬᠠᠪᠠ᠃ ᠬᠤᠰᠢ᠍ᠭᠤᠨ ᠤ ᠬᠠᠮᠢ᠍ᠶ᠎ᠠ ᠪᠦᠬᠦᠢ ᠪᠠᠢ᠌ᠭᠤᠯᠭ᠎ᠠ ᠵᠢᠴᠢ ᠺᠤᠮᠫᠠᠨᠢ ᠶᠢᠨ ᠬᠠᠷᠢ᠍ᠭᠤᠴᠠᠯᠭᠠᠳ᠋ᠠᠳ ᠤᠰᠤᠨ ᠤ ᠪᠤᠬᠢᠷᠳ᠋ᠤᠯ ᠢ ᠰᠡᠷᠭᠡᠢ᠌ᠯᠡᠨ ᠵᠠᠰᠠᠬᠤ ᠠᠵᠢ᠍ᠯ ᠤᠨ ᠲᠤᠬᠠᠢ ᠶᠠᠷᠢ᠍ᠶ᠎ᠠ ᠬᠢᠪᠡ᠃ (ᠳᠠᠯᠠᠢ)