ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠡᠴᠡ2019 ᠤᠨ ᠤ ᠳᠦ᠋ᠷᠪᠡᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠲᠦ᠋ᠯᠦᠭᠡᠯᠡᠭ᠍ᠴᠢ᠍ᠳ ᠦᠨ ᠲᠤᠰᠢ᠍ᠶᠠᠯ ᠶᠢᠡᠨ ᠭᠦᠢ᠍ᠴᠡᠳᠬᠡᠬᠦ ᠪᠤᠯᠪᠠᠰᠤᠷᠠᠯ ᠤᠨ ᠠᠩᠬᠢ ᠡᠷᠬᠢᠯᠡᠨ ᠶᠠᠪᠤᠭᠳ᠋ᠠᠭᠤᠯᠪᠠ
4ᠰᠠᠷ᠎ᠠ ᠶᠢᠨ25᠊ ᠤ ᠡᠳ᠋ᠦᠷ᠂ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ2019 ᠤᠨ ᠤ ᠳᠦ᠋ᠷᠪᠡᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠲᠦ᠋ᠯᠦᠭᠡᠯᠡᠭ᠍ᠴᠢ᠍ᠳ ᠦᠨ ᠲᠤᠰᠢ᠍ᠶᠠᠯ ᠶᠢᠡᠨ ᠭᠦᠢ᠍ᠴᠡᠳᠬᠡᠬᠦ ᠪᠤᠯᠪᠠᠰᠤᠷᠠᠯ ᠤᠨ ᠠᠩᠬᠢ ᠬᠤᠰᠢ᠍ᠭᠤᠨ ᠤ ᠨᠠᠮ ᠤᠨ ᠬᠤᠷᠢ᠍ᠶᠠᠨ ᠤ ᠨᠠᠮ ᠤᠨ ᠰᠤᠷᠭᠠᠭᠤᠯᠢ ᠶᠢᠨ ᠪᠤᠯᠪᠠᠰᠤᠷᠠᠯ ᠤᠨ ᠲᠦ᠋ᠪ ᠲᠤ ᠶᠠᠪᠤᠭᠳ᠋ᠠᠪᠠ᠃ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠡᠤ ᠰᠢ᠍ᠶᠤᠤ᠂ᠪᠦ᠋ ᠮᠤᠤ ᠰᠢ᠍ᠶᠠᠩ᠂ ᠨᠠᠷᠢ᠍ᠨ ᠪᠢᠴᠢ᠍ᠭ᠌ ᠦᠨ ᠳᠠᠷᠤᠭ᠎ᠠ ᠯᠢ ᠴᠧᠩ ᠭᠦᠸᠸ ᠪᠤᠯᠪᠠᠰᠤᠷᠠᠯ ᠤᠨ ᠠᠩᠬᠢ ᠡᠬᠢᠯᠡᠬᠦ ᠶᠤᠰᠤᠯᠠᠯ ᠳᠤ ᠰᠠᠭᠠᠲᠠᠵᠤ᠂ ᠬᠤᠰᠢ᠍ᠭᠤᠨ ᠤ ᠳᠦ᠋ᠷᠪᠡᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢ᠍ᠳ ᠵᠢᠴᠢ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠠᠵᠢ᠍ᠯᠳ᠋ᠡᠳ ᠨᠡᠢ᠌ᠳ᠋ᠠ170 ᠭᠠᠷᠤᠢ ᠬᠦᠮᠦᠰ ᠪᠤᠯᠪᠠᠰᠤᠷᠠᠯ ᠳᠤ ᠤᠷᠤᠯᠴᠠᠭᠰᠠᠨ ᠪᠠᠢ᠌ᠨ᠎ᠠ᠃ ᠪᠤᠯᠪᠠᠰᠤᠷᠠᠯ ᠡᠬᠢᠯᠡᠬᠦ ᠶᠤᠰᠤᠯᠠᠯ ᠢ ᠡᠤ ᠰᠢ᠍ᠶᠤᠤ ᠡᠷᠬᠢᠯᠡᠪᠡ᠃

ᠡᠤ ᠰᠢ᠍ᠶᠤᠤ ᠡᠴᠡ ᠵᠢᠭᠠᠵᠤ ᠭᠠᠷᠭᠠᠭᠰᠠᠨ ᠨᠢ ᠲᠤᠰ ᠤᠳ᠋ᠠᠭᠠᠨ ᠤ ᠪᠤᠯᠪᠠᠰᠤᠷᠠᠯ ᠤᠨ ᠬᠠᠷᠠᠯᠳ᠋ᠡ ᠪᠤᠯ ᠨᠠᠮ ᠤᠨ ᠠᠷᠪᠠ ᠶᠢ᠍ᠰᠦᠳ᠋ᠦᠭᠡᠷ ᠶᠡᠭᠡ ᠬᠤᠷᠠᠯ ᠪᠤᠯᠤᠨ ᠰᠢ ᠵᠢᠨ ᠫᠢᠩ ᠶᠡᠷᠦᠩᠭᠡᠢ ᠱᠦ᠋ᠵᠢ ᠶᠢᠨ ᠪᠦᠬᠦ ᠤᠯᠤᠰ ᠤᠨ《ᠬᠤᠶᠠᠷ ᠬᠤᠷᠠᠯ》᠊ᠤᠨ ᠬᠤᠭᠤᠴᠠᠭᠠᠨ ᠳᠤ ᠦᠪᠦᠷ ᠮᠤᠩᠭ᠋ᠤᠯ ᠤᠨ ᠲᠦ᠋ᠯᠦᠭᠡᠯᠡᠭ᠍ᠴᠢ᠍ᠳ ᠦᠨ ᠪᠦᠯᠬᠦᠮ ᠤᠨ ᠬᠢᠨᠠᠨ ᠵᠦ᠋ᠪᠯᠡᠬᠦ ᠳᠤ ᠤᠷᠤᠯᠴᠠᠬᠤ ᠦᠶ᠎ᠠ ᠶᠢᠨ ᠴᠢ᠍ᠬᠤᠯᠨ ᠶᠠᠷᠢ᠍ᠶᠠᠨ ᠤ ᠵᠤᠷᠢ᠍ᠭ ᠰᠠᠨᠠᠭ᠎ᠠ ᠶᠢ ᠲᠤᠭᠤᠰᠢ᠍ᠯᠠᠭᠤᠯᠤᠨ ᠨᠠᠢ᠌ᠳ᠋ᠠᠪᠦᠷᠢ᠍ᠵᠢ᠍ᠭᠤᠯᠵᠤ᠂ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠲᠦ᠋ᠷᠢ᠍ᠮ ᠢ ᠪᠠᠷᠢ᠍ᠮᠳ᠋ᠠᠯᠠᠨ ᠲᠡᠭᠦᠯᠳ᠋ᠡᠷᠵᠢ᠍ᠬᠦᠯᠬᠦ ᠪᠡᠷ ᠡᠭᠦᠰᠦᠯᠳ᠋ᠡ ᠶᠢᠨ ᠴᠡᠭ᠌ ᠪᠤᠯᠭᠠᠨ᠂ᠪᠤᠯᠪᠠᠰᠤᠷᠠᠯ ᠶᠢᠡᠷ ᠳᠠᠮᠵᠢ᠍ᠨ᠂ᠠᠷᠠᠳ ᠤᠨ ᠲᠦ᠋ᠯᠦᠭᠡᠯᠡᠭ᠍ᠴᠢ᠍ᠳ ᠦᠨ ᠡᠭᠦᠷᠭᠡ ᠲᠤᠰᠢ᠍ᠶᠠᠯ ᠶᠢᠡᠨ ᠭᠦᠢ᠍ᠴᠡᠳᠬᠡᠬᠦ ᠦᠨᠳ᠋ᠦᠰᠦᠨ ᠠᠷᠭ᠎ᠠ ᠠᠪᠴᠠᠯ ᠪᠠ ᠬᠠᠮᠢ᠍ᠶ᠎ᠠ ᠪᠦᠬᠦᠢ ᠬᠠᠤᠯᠢ ᠴᠠᠭᠠᠵᠠ ᠶᠢᠨ ᠮᠡᠳ᠋ᠡᠯᠭᠡ ᠶᠢ ᠨᠡᠩ ᠭᠦᠨᠵᠡᠭᠡᠢ ᠰᠤᠷᠤᠯᠴᠠᠵᠤ᠂ᠬᠤᠪᠢ ᠪᠠᠶ᠎ᠠ ᠶᠢᠨ ᠴᠢ᠍ᠳ᠋ᠠᠪᠦᠷᠢ ᠪᠠᠨ ᠤᠯᠠᠮ ᠨᠢ᠍ᠭᠡ ᠠᠯᠬᠤᠮ ᠳᠡᠭᠡᠭ᠍ᠰᠢ᠍ᠯᠡᠭᠦᠯᠵᠦ᠂ᠬᠤᠢ᠌ᠰᠢ᠍ᠳ᠋ᠡ ᠶᠢᠨ ᠠᠵᠢ᠍ᠯ ᠤᠨ ᠲᠤᠮᠳ᠋ᠡ ᠪᠠᠨ ᠡᠭᠦᠷᠭᠡ ᠲᠤᠰᠢ᠍ᠶᠠᠯ ᠪᠤᠯᠤᠨ ᠦᠢ᠍ᠯᠡᠳ᠋ᠦᠯ ᠵᠢᠡᠨ ᠨᠡᠩ ᠰᠠᠢ᠌ᠨ ᠶᠢᠡᠷ ᠪᠠᠳ᠋ᠠᠷᠠᠭᠤᠯᠬᠤ ᠶᠢᠨ ᠲᠦ᠋ᠯᠦᠭᠡ ᠪᠤᠯᠤᠨ᠎ᠠ ᠭᠡᠵᠡᠢ᠃

ᠦᠳ᠋ᠡ ᠶᠢᠨ ᠡᠮᠦᠨ᠎ᠠ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠡᠴᠡ ᠬᠤᠳ᠋ᠡ ᠶᠢᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠰᠤᠷᠭᠠᠨ ᠬᠦᠮᠦᠵᠢ᠍ᠯ ᠰᠢ᠍ᠨᠵᠢ᠍ᠯᠡᠬᠦ ᠤᠬᠠᠭᠠᠨ ᠰᠤᠶᠤᠯ ᠡᠷᠡᠭᠦᠯ ᠬᠠᠮᠠᠭᠠᠯᠠᠯ ᠤᠨ ᠵᠦ᠋ᠪᠯᠡᠯ ᠦᠨ ᠡᠷᠬᠢᠯᠡᠭ᠍ᠴᠢ᠂ ᠲᠦ᠋ᠩᠯᠢ᠍ᠶᠣᠣ ᠬᠤᠳ᠋ᠠ ᠶᠢᠨ ᠨᠠᠮ ᠤᠨ ᠬᠤᠷᠢ᠍ᠶᠠᠨ ᠤ ᠠᠷᠪᠠ ᠶᠢ᠍ᠰᠦᠳ᠋ᠦᠭᠡᠷ ᠶᠡᠭᠡ ᠬᠤᠷᠠᠯ ᠤᠨ ᠵᠤᠷᠢ᠍ᠭ ᠰᠠᠨᠠᠭ᠎ᠠ ᠶᠢ ᠤᠬᠠᠭᠤᠯᠤᠨ ᠲᠠᠢ᠌ᠯᠪᠦᠷᠢ᠍ᠯᠡᠬᠤ ᠪᠦᠯᠬᠦᠮ ᠦᠨ ᠬᠡᠰᠢ᠍ᠬᠦᠨ ᠴᠧᠩ ᠡᠾᠦ᠋ᠢ ᠮᠢ᠍ᠨ ᠡᠴᠡ《ᠬᠢᠨᠠᠨ ᠪᠠᠢ᠌ᠴᠠᠭᠠᠯᠳ᠋ᠡ ᠶᠢᠨ ᠬᠠᠤᠯᠢ》᠊ ᠶᠢ ᠲᠤᠭᠤᠰᠢ᠍ᠯᠠᠭᠤᠯᠤᠨ ᠬᠡᠷᠡᠭ᠍ᠵᠢ᠍ᠬᠦᠯᠬᠦ ᠪᠠ ᠲᠦ᠋ᠯᠦᠭᠡᠯᠡᠭ᠍ᠴᠢ᠍ᠳ ᠬᠡᠷᠬᠢᠨ ᠪᠦᠲᠦᠮᠵᠢ᠍ᠳ᠋ᠡᠢ ᠪᠡᠷ ᠶᠢᠡᠷ ᠡᠭᠦᠷᠭᠡ ᠲᠤᠰᠢ᠍ᠶᠠᠯ ᠶᠢᠡᠨ ᠭᠦᠢ᠍ᠴᠡᠳᠬᠡᠬᠦ ᠵᠡᠷᠭᠡ ᠲᠤᠭᠤᠷᠢ᠍ᠨ ᠳᠤ ᠲᠤᠰᠬᠠᠢ ᠲᠦ᠋ᠷᠦᠯ ᠦᠨ ᠪᠤᠯᠪᠠᠰᠤᠷᠠᠯ ᠬᠢᠭ᠍ᠰᠡᠨ ᠪᠠᠢ᠌ᠨ᠎ᠠ᠃

ᠦᠳ᠋ᠡ ᠶᠢᠨ ᠬᠤᠢ᠌ᠨ᠎ᠠ᠂ ᠬᠤᠰᠢ᠍ᠭᠤᠨ ᠤ ᠨᠠᠮ ᠤᠨ ᠬᠤᠷᠢ᠍ᠶᠠᠨ ᠤ ᠨᠠᠮ ᠤᠨ ᠰᠤᠷᠭᠠᠭᠤᠯᠢ ᠶᠢᠨ ᠫᠷᠤᠹᠧᠰᠰᠤᠷ᠂ ᠨᠠᠮ ᠤᠨ ᠲᠡᠤᠬᠡ ᠨᠠᠮ ᠤᠨ ᠪᠠᠢ᠌ᠭᠤᠯᠤᠯᠳ᠋ᠡ ᠶᠢᠨ ᠵᠢᠭᠠᠨ ᠰᠤᠳ᠋ᠤᠯᠬᠤ ᠲᠠᠰᠤᠭ ᠤᠨ ᠪᠠᠭᠰᠢ ᠡᠤ ᠮᠧᠢ ᠷᠦ᠋ᠩ《ᠵᠠᠷᠤᠳ ᠨᠤᠲᠤᠭ ᠤᠨ ᠤᠨᠴᠠᠯᠢ᠍ᠭᠳ᠋ᠤ ᠬᠦᠳ᠋ᠡᠭᠡ ᠲᠤᠰᠬᠤᠨ ᠢ ᠭᠦᠭ᠍ᠵᠢ᠍ᠬᠦᠯᠦᠨ ᠮᠠᠨᠳ᠋ᠤᠭᠤᠯᠬᠤ ᠪᠠᠢ᠌ᠯᠳ᠋ᠤᠬᠤ ᠪᠤᠳ᠋ᠤᠯᠭ᠎ᠠ ᠶᠢ ᠲᠤᠭᠤᠰᠢ᠍ᠯᠠᠭᠤᠯᠤᠨ ᠨᠠᠢ᠌ᠳ᠋ᠠᠪᠤᠷᠢ᠍ᠵᠢ᠍ᠭᠤᠯᠤᠶᠠ》ᠭᠡᠬᠦ ᠭᠤᠤᠯ ᠰᠡᠳ᠋ᠦᠪ ᠦᠨ ᠲᠤᠭᠤᠷᠢ᠍ᠨ ᠳᠤ ᠮᠤᠩᠭ᠋ᠤᠯ ᠬᠢᠴᠢ᠍ᠶᠡᠯᠯᠡᠭᠡ ᠬᠢᠭ᠍ᠰᠡᠨ ᠪᠠᠢ᠌ᠨ᠎ᠠ᠃ (ᠳᠠᠯᠠᠢ)


