ᠬᠤᠰᠢ᠍ᠭᠤᠨ ᠤ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶ᠎ᠠ ᠡᠴᠡ ᠮᠠᠨ ᠤ ᠬᠤᠰᠢ᠍ᠭᠤᠨ ᠳᠤ ᠬᠠᠣᠯᠢ ᠬᠡᠷᠡᠭᠵᠢᠭᠦᠯᠦᠯᠲᠡ ᠶᠢᠨ ᠪᠠᠢ᠌ᠴᠠᠭᠠᠯᠳ᠋ᠠ ᠥᠷᠨᠢᠭᠦᠯᠦᠭᠰᠡᠨ

ᠣᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠰᠥᠩ ᠯᠢ᠍ᠶᠠᠨ ᠾᠦ᠋ᠢ ᠬᠠᠣᠯᠢ ᠬᠡᠷᠡᠭ᠍ᠵᠢ᠍ᠭᠦᠯᠦᠯᠳ᠋ᠡ ᠶᠢᠨ ᠪᠠᠢ᠌ᠴᠠᠭᠠᠬᠤ ᠳᠣᠭᠤᠢ᠌ᠯᠠᠡᠭ᠌ ᠢ ᠳᠠᠭᠠᠭᠤᠯᠤᠨ ᠮᠠᠨ ᠤ ᠬᠤᠰᠢ᠍ᠭᠤᠨ ᠤ《ᠪᠦᠭᠦᠳ᠋ᠡ ᠨᠠᠢ᠌ᠷᠠᠮᠳ᠋ᠠᠬᠤ ᠳᠣᠮᠳ᠋ᠠᠳ᠋ᠣ ᠠᠷᠠᠳ ᠣᠯᠣᠰ ᠤᠨ ᠠᠮᠢ᠍ᠳ᠋ᠠᠨ ᠤ ᠬᠢᠵᠢ᠍ᠭ᠌ ᠢ ᠰᠡᠷᠭᠡᠢ᠌ᠯᠡᠬᠦ ᠬᠠᠣᠯᠢ》ᠵᠢ ᠳᠣᠭᠤᠰᠢ᠍ᠯᠠᠭᠤᠯᠣᠨ ᠬᠡᠷᠡᠭ᠍ᠵᠢ᠍ᠭᠦᠯᠵᠤ ᠪᠠᠢ᠌ᠭ᠎ᠠ ᠪᠠᠢ᠌ᠳ᠋ᠠᠯ ᠢ ᠪᠠᠢ᠌ᠴᠠᠭᠠᠪᠠ᠃

ᠰᠥᠩ ᠯᠢ᠍ᠶᠠᠨ ᠾᠦ᠋ᠢ ᠨᠡᠷ ᠣᠷᠢ᠍ᠳ ᠬᠤᠵᠢ᠍ᠳ ᠵᠠᠷᠣᠳ ᠬᠤᠰᠢ᠍ᠭᠤᠨ ᠤ ᠶᠥᠩ ᠰᠢ᠍ᠩ ᠳᠡᠵᠢ᠍ᠭᠡᠪᠦᠷᠢ ᠶᠢᠨ ᠦᠢ᠍ᠯᠡᠰ ᠤᠨ ᠳᠣᠰᠬᠠᠢ ᠬᠤᠷᠰᠢ᠍ᠶᠠᠵᠢ᠍ᠯ ᠪᠤᠯᠤᠨ ᠬᠤᠩ ᠴᠠᠩ ᠮᠠᠯ ᠠᠵᠤ ᠠᠬᠤᠢ ᠶᠢᠨ ᠬᠢᠵᠠᠭᠠᠷᠳ᠋ᠣ ᠬᠠᠷᠢ᠍ᠭᠤᠴᠠᠯᠭᠠᠳ᠋ᠣ ᠺᠣᠮᠫᠠᠨᠢ ᠵᠡᠷᠭᠡ ᠭᠠᠵᠠᠷ ᠲᠣ ᠬᠦᠷᠴᠣ᠂《ᠪᠦᠭᠦᠳ᠋ᠡ ᠨᠠᠢ᠌ᠷᠠᠮᠳ᠋ᠠᠬᠤ ᠳᠣᠮᠳ᠋ᠠᠳ᠋ᠣ ᠠᠷᠠᠳ ᠣᠯᠣᠰ ᠤᠨ ᠠᠮᠢ᠍ᠳ᠋ᠠᠨ ᠤ ᠬᠢᠵᠢ᠍ᠭ᠌ ᠢ ᠰᠡᠷᠭᠡᠢ᠌ᠯᠡᠬᠦ ᠬᠠᠣᠯᠢ》᠊ ᠶᠢ ᠳᠣᠭᠤᠰᠢ᠍ᠯᠠᠭᠤᠯᠣᠨ ᠬᠡᠷᠡᠭ᠍ᠵᠢ᠍ᠭᠦᠯᠵᠤ ᠪᠠᠢ᠌ᠭ᠎ᠠ ᠪᠠᠢ᠌ᠳ᠋ᠠᠯ ᠢ ᠨᠠᠷᠢ᠍ᠯᠢ᠍ᠭ ᠣᠢ᠌ᠯᠭᠠᠪᠠ᠃

ᠰᠥᠩ ᠯᠢ᠍ᠶᠠᠨ ᠾᠦ᠋ᠢ ᠵᠢᠭᠠᠵᠤ ᠭᠠᠷᠭᠠᠭᠰᠠᠨ ᠨᠢ᠂ ᠪᠦᠬᠦ ᠬᠤᠰᠢ᠍ᠭᠤᠨ ᠤ ᠡᠯ᠎ᠠ ᠱᠠᠳ᠋ᠣ ᠡᠯ᠎ᠠ ᠰᠠᠯᠠᠭ᠎ᠠ ᠮᠦ᠋ᠴᠢ᠍ᠷ ᠤᠨ ᠬᠢᠨ《ᠪᠦᠭᠦᠳ᠋ᠡ ᠨᠠᠢ᠌ᠷᠠᠮᠳ᠋ᠠᠬᠤ ᠳᠣᠮᠳ᠋ᠠᠳ᠋ᠣ ᠠᠷᠠᠳ ᠣᠯᠣᠰ ᠤᠨ ᠠᠮᠢ᠍ᠳ᠋ᠠᠨ ᠤ ᠬᠢᠵᠢ᠍ᠭ᠌ ᠢ ᠰᠡᠷᠭᠡᠢ᠌ᠯᠡᠬᠦ ᠬᠠᠣᠯᠢ》 ᠵᠢ ᠳᠣᠭᠤᠰᠢ᠍ᠯᠠᠭᠤᠯᠣᠨ ᠬᠡᠷᠡᠭ᠍ᠵᠢ᠍ᠭᠦᠯᠬᠦ ᠵᠢ ᠳᠡᠭᠡᠳ᠋ᠣ ᠬᠡᠮᠵᠢ᠍ᠶ᠎ᠠ ᠪᠠᠷ ᠬᠦᠨᠳ᠋ᠦᠳᠭᠡᠨ ᠦᠵᠡᠵᠤ᠂ ᠠᠮᠢ᠍ᠳ᠋ᠠᠨ ᠤ ᠬᠢᠵᠢ᠍ᠭ᠌ ᠤᠨ ᠪᠠᠢ᠌ᠳ᠋ᠠᠯ ᠢ ᠣᠷᠢ᠍ᠳᠴᠢ᠍ᠯᠠᠨ ᠰᠡᠷᠭᠡᠢ᠌ᠯᠡᠬᠦ᠂ ᠡᠵᠡᠮᠰᠢ᠍ᠬᠦ ᠪᠤᠯᠣᠨ ᠠᠷᠢ᠍ᠯᠭᠠᠬᠤ ᠪᠠᠷ ᠬᠠᠷᠠᠯᠳ᠋ᠠ ᠪᠣᠯᠭᠠᠨ᠂ ᠬᠢᠵᠢ᠍ᠭ᠌ ᠢ ᠰᠡᠷᠭᠡᠢ᠌ᠯᠡᠬᠦ ᠰᠢ᠍ᠰᠲ᠋ᠸᠮ ᠤᠨ ᠪᠦᠳ᠋ᠦᠭᠡᠨ ᠪᠠᠢ᠌ᠭᠤᠯᠣᠯᠳ᠋ᠠ ᠢ ᠳᠡᠭᠦᠯᠳ᠋ᠡᠷᠵᠢ᠍ᠭᠦᠯᠵᠤ᠂ ᠠᠵᠢ᠍ᠯ ᠤᠨ ᠵᠠᠷᠣᠳ᠋ᠠᠯ ᠰᠦ᠋ᠢ᠍ᠳᠭᠡᠯ ᠢ ᠪᠠᠳ᠋ᠣᠯᠠᠨ᠂ ᠠᠮᠢ᠍ᠳ᠋ᠠᠨ ᠤ ᠬᠢᠵᠢ᠍ᠭ᠌ ᠢ ᠰᠡᠷᠭᠡᠢ᠌ᠯᠡᠬᠦ ᠠᠵᠢ᠍ᠯ ᠤᠨ ᠬᠠᠷᠢ᠍ᠭᠤᠴᠠᠯᠭ᠎ᠠ ᠵᠢ ᠪᠤᠳ᠋ᠠᠳ᠋ᠠᠢ᠌ᠵᠢ᠍ᠭᠤᠯᠬᠤ ᠬᠡᠷᠡᠭ᠍ᠳ᠋ᠠᠢ᠃ 《ᠪᠦᠭᠦᠳ᠋ᠡ ᠨᠠᠢ᠌ᠷᠠᠮᠳ᠋ᠠᠬᠤ ᠳᠣᠮᠳ᠋ᠠᠳ᠋ᠣ ᠠᠷᠠᠳ ᠣᠯᠣᠰ ᠤᠨ ᠠᠮᠢ᠍ᠳ᠋ᠠᠨ ᠤ ᠬᠢᠵᠢ᠍ᠭ᠌ ᠢ ᠰᠡᠷᠭᠡᠢ᠌ᠯᠡᠬᠦ ᠬᠠᠣᠯᠢ》 ᠵᠢ ᠬᠦᠨᠵᠡᠭᠡᠢ ᠰᠣᠷᠣᠯᠴᠠᠨ ᠣᠬᠠᠭᠤᠯᠵᠤ᠂ ᠠᠮᠢ᠍ᠳ᠋ᠠᠨ ᠤ ᠬᠢᠵᠢ᠍ᠭ᠌ ᠢ ᠰᠡᠷᠭᠡᠢ᠌ᠯᠡᠬᠦ ᠬᠠᠣᠯᠢ ᠴᠠᠭᠠᠵᠠ ᠬᠠᠣᠯᠢ ᠳᠦ᠋ᠷᠢ᠍ᠮ ᠤᠨ ᠮᠡᠳ᠋ᠡᠯᠭᠡ ᠵᠢ ᠦᠷᠭᠡᠨ ᠢᠶᠠᠷ ᠣᠬᠠᠭᠤᠯᠣᠨ ᠳᠦ᠋ᠭᠡᠮᠡᠯᠵᠢ᠍ᠭᠦᠯᠵᠤ᠂ ᠪᠦᠬᠦ ᠨᠡᠢ᠌ᠭᠡᠮ ᠤᠨ ᠬᠠᠣᠯᠢ ᠪᠠᠷ ᠬᠢᠵᠢ᠍ᠭ᠌ ᠢ ᠰᠡᠷᠭᠡᠢ᠌ᠯᠡᠬᠦ ᠣᠬᠠᠮᠰᠠᠷ ᠢ ᠨᠡᠮᠡᠭ᠍ᠳ᠋ᠡᠭᠦᠯᠬᠦ ᠬᠡᠷᠡᠭ᠍ᠳ᠋ᠠᠢ᠃ ᠠᠮᠢ᠍ᠳ᠋ᠠᠨ ᠤ ᠬᠢᠵᠢ᠍ᠭ᠌ ᠤᠨ ᠪᠠᠢ᠌ᠳ᠋ᠠᠯ ᠤᠨ ᠪᠠᠢ᠌ᠴᠠᠭᠠᠯᠳ᠋ᠠ ᠵᠢ ᠴᠢ᠍ᠡᠭ᠍ᠭᠠᠳᠬᠠᠵᠤ᠂ ᠬᠦᠨᠳ᠋ᠦ ᠶᠡᠬᠡ ᠬᠢᠵᠢ᠍ᠭ᠌ ᠤᠨ ᠪᠠᠢ᠌ᠳ᠋ᠠᠯ ᠡᠭᠦᠰᠬᠦ ᠵᠢ ᠪᠠᠭᠠᠰᠬᠠᠵᠤ᠂ ᠮᠠᠨ ᠤ ᠬᠤᠰᠢ᠍ᠭᠤᠨ ᠤ ᠠᠵᠤ ᠠᠬᠤᠢ ᠨᠡᠢ᠌ᠭᠡᠮ ᠤᠨ ᠳᠣᠭᠳ᠋ᠠᠭᠣᠨ ᠬᠦᠭ᠍ᠵᠢ᠍ᠯᠳ᠋ᠡ ᠳ᠋ᠥ ᠢᠳ᠋ᠡᠪᠬᠢᠳ᠋ᠠᠢ ᠬᠤᠪᠢ ᠨᠡᠮᠡᠷᠢ ᠦᠵᠡᠬᠦᠯᠬᠦ ᠬᠡᠷᠡᠭ᠍ᠳ᠋ᠠᠢ ᠭᠡᠵᠠᠢ᠃(ᠳᠠᠯᠠᠢ)