ᠬᠤᠰᠢ᠍ᠭᠤᠨ ᠤ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶ᠎ᠠ ᠡᠴᠡ ᠳᠣᠮᠢ᠍ᠯᠠᠬᠤ ᠪᠠᠷ ᠵᠢᠱᠢ᠍ᠭ᠍ᠳ᠋ᠡᠭ᠍ᠰᠡᠨ ᠺᠠᠲᠷᠴᠣᠳ ᠲᠣ ᠳᠣᠰᠢ᠍ᠶᠠᠯ ᠡᠭᠦᠷᠭᠡᠯᠡᠬᠦ ᠡᠴᠡ ᠡᠮᠦᠨᠡᠬᠢ ᠬᠠᠣᠯᠢ ᠴᠠᠭᠠᠵᠠ ᠶᠢᠨ ᠮᠡᠳ᠋ᠡᠯᠭᠡ ᠶᠢᠨ ᠰᠤᠷᠢ᠍ᠯᠳ᠋ᠡ ᠬᠢᠭ᠍ᠰᠠᠨ
ᠣᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶ᠎ᠠ ᠡᠴᠡ18 ᠨᠡᠷᠡᠰ ᠳᠣᠮᠢ᠍ᠯᠠᠬᠤ ᠪᠠᠷ ᠵᠢᠱᠢ᠍ᠭ᠍ᠳ᠋ᠡᠭ᠍ᠰᠡᠨ ᠺᠠᠲᠷ ᠲᠣ ᠳᠣᠰᠢ᠍ᠶᠠᠯ ᠡᠭᠦᠷᠭᠡᠯᠡᠬᠦ ᠡᠴᠡ ᠡᠮᠦᠨᠡᠬᠢ ᠬᠠᠣᠯᠢ ᠴᠠᠭᠠᠵᠠ ᠶᠢᠨ ᠮᠡᠳ᠋ᠡᠯᠭᠡ ᠶᠢᠨ ᠰᠤᠷᠢ᠍ᠯᠳ᠋ᠡ ᠬᠢᠪᠠ᠃ ᠬᠤᠰᠢ᠍ᠭᠤᠨ ᠤ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠦᠷᠡᠪᠠᠳ᠋ᠣ ᠰᠤᠷᠢ᠍ᠯᠳ᠋ᠡ ᠶᠢᠨ ᠲᠠᠯᠠᠪᠤᠷ ᠢ ᠲᠤᠭᠤᠷᠢ᠍ᠨ ᠪᠠᠢ᠌ᠴᠠᠭᠠᠪᠠ᠃


ᠦᠷᠡᠪᠡᠳ᠋ᠣ ᠬᠡᠯᠡᠭ᠍ᠰᠡᠨ ᠨᠢ᠂ ᠳᠣᠮᠢ᠍ᠯᠠᠬᠤ ᠪᠠᠷ ᠵᠢᠱᠢ᠍ᠭ᠍ᠳ᠋ᠡᠭ᠍ᠰᠡᠨ ᠺᠠᠲᠷᠴᠤᠳ ᠬᠠᠣᠯᠢ ᠴᠠᠭᠠᠵᠠ ᠶᠢᠨ ᠮᠡᠳ᠋ᠡᠯᠭᠡ ᠶᠢᠨ ᠰᠤᠷᠢ᠍ᠯᠳ᠋ᠡ ᠬᠢᠵᠤ ᠪᠠᠢ᠌ᠭ᠎ᠠ ᠶᠢᠨ ᠵᠤᠷᠢ᠍ᠯᠭ᠎ᠠ ᠨᠢ ᠳᠠᠷᠤᠢ ᠬᠠᠮᠢ᠍ᠶ᠎ᠠ ᠪᠦᠬᠦᠢ ᠬᠠᠣᠯᠢ ᠴᠠᠭᠠᠵᠠ ᠶᠢᠨ ᠲᠤᠭᠳ᠋ᠠᠭᠠᠯ ᠢ ᠦᠨᠳ᠋ᠦᠰᠦᠯᠡᠨ᠂ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶ᠎ᠠ ᠶᠢᠨ ᠠᠵᠢ᠍ᠯᠳ᠋ᠠᠨ ᠤ ᠶᠠᠪᠤᠳ᠋ᠠᠯ ᠤᠨ ᠳᠣᠮᠢ᠍ᠯᠠᠵᠤ ᠪᠠᠭᠤᠯᠭᠠᠬᠤ ᠠᠵᠢ᠍ᠯ ᠤᠨ ᠶᠠᠪᠤᠴᠠ ᠵᠢ ᠳᠡᠭᠦᠯᠳ᠋ᠡᠷᠵᠢ᠍ᠭᠦᠯᠵᠤ᠂ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶ᠎ᠠ ᠡᠴᠡ ᠬᠦᠮᠦᠨ ᠤ ᠶᠠᠪᠤᠳ᠋ᠠᠯ ᠤᠨ ᠡᠷᠬᠡ ᠵᠢ ᠨᠡᠡᠭ᠌ ᠰᠠᠢ᠌ᠳ᠋ᠤᠷ ᠬᠡᠷᠡᠭᠯᠡᠬᠦ ᠢ ᠪᠠᠳ᠋ᠣᠯᠠᠬᠤ ᠨᠢ᠍ᠭᠡᠨ ᠴᠢ᠍ᠬᠤᠯᠠ ᠠᠷᠭ᠎ᠠ ᠠᠪᠴᠠᠯ ᠪᠤᠯᠤᠨ᠎ᠠ᠃ ᠳᠣᠮᠢ᠍ᠯᠠᠬᠤ ᠪᠠᠷ ᠵᠢᠱᠢ᠍ᠭ᠍ᠳ᠋ᠡᠭ᠍ᠰᠡᠨ ᠺᠠᠳ᠋ᠷ ᠨᠡᠷ ᠡᠷᠬᠡᠪᠰᠢ ᠬᠠᠣᠯᠢ ᠴᠠᠭᠠᠵᠠ ᠶᠢᠨ ᠬᠡᠪ ᠪᠤᠯᠪᠠᠰᠣᠷᠡᠯ ᠢᠶᠠᠨ ᠣᠯᠠᠮ ᠨᠢ᠍ᠭᠡ ᠠᠯᠬᠤᠮ ᠴᠢ᠍ᠩᠭ᠋ᠠᠳᠬᠠᠨ᠂ ᠬᠠᠣᠯᠢ ᠴᠠᠭᠠᠵᠠ ᠶᠢᠨ ᠰᠡᠳᠭᠢᠮᠵᠢ ᠪᠤᠯᠤᠨ ᠬᠠᠣᠯᠢ ᠪᠠᠷ ᠵᠠᠰᠠᠬᠤ ᠲᠠᠳᠬᠠᠯ ᠢ ᠳᠠᠰᠣᠷᠠᠯᠳ᠋ᠠ ᠦᠭᠡᠶ ᠨᠡᠮᠡᠭ᠍ᠳ᠋ᠡᠭᠦᠯᠵᠤ᠂ ᠵᠠᠰᠠᠭ ᠵᠠᠬᠢᠷᠭᠠᠨ ᠤ ᠬᠠᠣᠯᠢ ᠬᠡᠷᠡᠭ᠍ᠵᠢ᠍ᠭᠦᠯᠬᠦ ᠬᠢᠷᠢ ᠳᠦ᠋ᠪᠰᠢ᠍ᠨ ᠢᠶᠠᠨ ᠳᠡᠭᠡᠭ᠍ᠰᠢ᠍ᠯᠡᠬᠦᠯᠦᠨ᠂ ᠬᠠᠣᠯᠢ ᠪᠠᠷ ᠵᠠᠰᠠᠭ ᠪᠠᠷᠢ᠍ᠬᠤ ᠪᠦᠳ᠋ᠦᠭᠡᠨ ᠪᠠᠢ᠌ᠭᠤᠯᠤᠯᠳ᠋ᠠ ᠵᠢ ᠳᠦ᠋ᠯᠬᠢᠨ ᠠᠬᠢᠭᠤᠯᠬᠤ ᠬᠡᠷᠡᠭ᠍ᠳ᠋ᠠᠢ ᠭᠡᠵᠠᠢ᠃

ᠰᠤᠷᠢ᠍ᠯᠳ᠋ᠡ ᠳ᠋ᠥ ᠣᠷᠣᠯᠴᠠᠭᠰᠠᠨ ᠳᠣᠮᠢ᠍ᠯᠠᠬᠤ ᠪᠠᠷ ᠵᠢᠱᠢ᠍ᠭ᠍ᠳ᠋ᠡᠭ᠍ᠰᠡᠨ ᠺᠠᠲᠷᠴᠣᠳ ᠪᠦᠬᠦ ᠠᠡᠭ᠍ᠬᠠᠷᠣᠯ ᠢᠶᠠᠨ ᠳᠦ᠋ᠪᠯᠡᠷᠡᠭᠦᠯᠦᠨ᠂ ᠨᠠᠷᠢ᠍ᠨ ᠬᠢᠨᠠᠮᠠᠭᠠᠢ ᠰᠡᠳ᠋ᠦᠪ ᠬᠠᠷᠢ᠍ᠭᠤᠯᠵᠤ᠂ ᠰᠢ᠍ᠯᠭᠠᠯᠳ᠋ᠠ ᠶᠢᠨ ᠳᠠᠯᠠᠪᠤᠷ ᠤᠨ ᠠᠭᠤᠷ ᠠᠮᠢ᠍ᠰᠬᠣᠯ ᠳᠦ᠋ᠪ ᠴᠢ᠍ᠡᠭ᠍ᠭᠠ ᠡᠮᠬᠢ ᠵᠢᠷᠦᠮ ᠲᠡᠶ ᠪᠠᠢ᠌ᠯ᠎ᠠ᠃ ᠰᠢ᠍ᠯᠭᠠᠯᠳ᠋ᠠ ᠶᠢᠨ ᠠᠭᠤᠯᠭ᠎ᠠ ᠨᠢ《ᠦᠨᠳ᠋ᠦᠰᠦᠨ ᠬᠠᠣᠯᠢ》᠂ 《ᠡᠷᠡᠭᠦᠦ ᠶᠢᠨ ᠬᠠᠣᠯᠢ》᠂ ᠬᠠᠷ᠎ᠠ ᠪᠦᠯᠦᠭ᠍ᠳ᠋ᠡᠨ ᠬᠠᠷᠬᠢᠰ ᠬᠦᠴᠦᠨ ᠢ ᠠᠷᠢ᠍ᠯᠭᠠᠬᠤ᠂ ᠠᠮᠢ ᠠᠬᠤᠢ ᠶᠢᠨ ᠪᠤᠯᠪᠠᠰᠣᠨ ᠤ ᠪᠦᠳ᠋ᠦᠭᠡᠨ ᠪᠠᠢ᠌ᠭᠤᠯᠤᠯᠳ᠋ᠠ ᠵᠡᠷᠭᠡ ᠬᠠᠣᠯᠢ ᠴᠠᠭᠠᠵᠠ ᠬᠠᠣᠯᠢ ᠳᠦ᠋ᠷᠢ᠍ᠮ ᠤᠨ ᠮᠡᠳ᠋ᠡᠯᠭᠡ ᠶᠢ ᠬᠠᠮᠤᠷᠤᠭᠰᠠᠨ ᠪᠠᠢ᠌ᠨ᠎ᠠ᠃ ᠳᠣᠰᠢ᠍ᠶᠠᠯ ᠡᠭᠦᠷᠭᠡᠯᠡᠬᠦ ᠡᠴᠡ ᠡᠮᠦᠨᠡᠬᠢ ᠬᠠᠣᠯᠢ ᠴᠠᠭᠠᠵᠠ ᠶᠢᠨ ᠮᠡᠳ᠋ᠡᠯᠭᠡ ᠶᠢᠨ ᠰᠤᠷᠢ᠍ᠯᠳ᠋ᠡ ᠵᠢ ᠵᠤᠬᠢᠶᠠᠨ ᠪᠠᠢ᠌ᠭᠤᠯᠬᠤ ᠨᠢ᠂ ᠣᠯᠣᠰ ᠤᠨ ᠠᠵᠢ᠍ᠯᠳ᠋ᠠᠳ ᠳᠣᠯᠣᠭᠠᠢ᠌ᠯᠠᠨ ᠬᠠᠣᠯᠢ ᠰᠣᠷᠣᠯᠴᠠᠨ᠂ ᠬᠠᠣᠯᠢ ᠰᠠᠬᠢᠵᠤ᠂ ᠬᠠᠣᠯᠢ ᠬᠡᠷᠡᠭ᠍ᠵᠢ᠍ᠭᠦᠯᠬᠦ ᠳ᠋ᠥ ᠠᠰᠢ᠍ᠭᠳ᠋ᠠᠢ ᠪᠠᠢ᠌ᠵᠤ᠂ ᠬᠠᠣᠯᠢ ᠴᠠᠭᠠᠵᠠ ᠶᠢᠨ ᠣᠬᠠᠮᠰᠠᠷ ᠪᠤᠯᠤᠨ ᠰᠠᠨᠠᠭᠠᠴᠢ᠍ᠯᠭᠠ ᠡᠴᠡ ᠪᠠᠨ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶ᠎ᠠ ᠶᠢᠨ ᠬᠢᠨᠠᠨ ᠪᠠᠢ᠌ᠴᠠᠭᠠᠯᠳ᠋ᠠ ᠵᠢ ᠬᠦᠯᠢ᠍ᠶᠡᠬᠦ ᠣᠬᠠᠮᠰᠠᠷ ᠢ ᠣᠯᠠᠮ ᠨᠢ᠍ᠭᠡ ᠠᠯᠬᠤᠮ ᠳᠡᠭᠡᠭ᠍ᠰᠢ᠍ᠯᠡᠬᠦᠯᠬᠦ ᠪᠤᠯᠤᠨ᠎ᠠ᠃ (ᠳᠠᠯᠠᠢ)