ᠤᠳᠤ ᠶᠢᠨ ᠪᠠᠢ᠌ᠷᠢ᠄ ᠪᠠᠢ᠌ᠩᠭᠤ ᠶᠢᠨ ᠬᠤᠷᠢᠶᠠᠨ ᠤ ᠠᠵᠢᠯ → ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ᠁
ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠠᠷᠪᠠᠨ ᠭᠤᠷᠪᠠᠳ᠋ᠣᠭᠠᠷ ᠤᠳ᠋ᠠᠭᠠᠨ ᠤ ᠬᠤᠷᠠᠯ ᠬᠤᠷᠠᠯᠳ᠋ᠣᠬᠰᠠᠨ

              

             ᠣᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠠᠷᠪᠠᠨ ᠭᠤᠷᠪᠠᠳ᠋ᠣᠭᠠᠷ ᠤᠳ᠋ᠠᠭᠠᠨ ᠤ ᠬᠤᠷᠠᠯ ᠬᠤᠷᠠᠯᠳ᠋ᠣᠪᠠ᠃ ᠬᠤᠰᠢ᠍ᠭᠤᠨ ᠤ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠡᠷᠬᠢᠯᠡᠭ᠍ᠴᠢ ᠪᠠᠶᠠᠨᠰᠠᠩ᠂ ᠲᠡᠳ᠋ ᠡᠷᠭᠢᠯᠡᠭ᠍ᠴᠢ ᠡᠦ ᠰᠢ᠍ᠶᠤᠤ᠂ ᠪᠦ ᠮᠤᠤ ᠰᠢ᠍ᠶᠠᠩ᠂ ᠦᠷᠡᠪᠡᠳ᠋ᠦ᠂ ᠰᠦ᠋ᠩ ᠯᠢ᠍ᠶᠠᠨ ᠾᠦ᠋ᠢ ᠬᠤᠷᠠᠯ ᠳ᠋ᠥ ᠤᠷᠤᠯᠴᠠᠪᠠ᠃ ᠬᠤᠰᠢ᠍ᠭᠤᠨ ᠤ ᠨᠠᠮ ᠤᠨ ᠬᠤᠷᠢ᠍ᠶᠠᠨ ᠤ ᠪᠠᠢ᠌ᠩᠭ᠋ᠤ ᠶᠢᠨ ᠬᠡᠰᠢ᠍ᠬᠦᠨ᠂ ᠰᠠᠬᠢᠯᠭ᠎ᠠ ᠪᠠᠳ᠋ᠣ ᠪᠠᠢ᠌ᠴᠠᠭᠠᠬᠤ ᠬᠤᠷᠢ᠍ᠶᠠᠨ ᠤ ᠱᠦ᠋ᠵᠢ᠂ ᠬᠢᠨᠠᠨ ᠪᠠᠢ᠌ᠴᠠᠭᠠᠬᠤ ᠵᠦ᠋ᠪᠯᠡᠯ ᠤᠨ ᠡᠷᠬᠢᠯᠡᠭ᠍ᠴᠢ ᠬᠠᠨ ᠹᠸᠩ ᠡᠦ᠂ ᠬᠤᠰᠢ᠍ᠭᠤᠨᠲᠡᠳ᠋ ᠲᠠᠷᠤᠭ᠎ᠠ ᠸᠠᠩ ᠶᠠᠨ ᠵᠢᠶ‍ᠦ᠋ᠨ᠂ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶ᠎ᠠ᠂ ᠬᠤᠰᠢ᠍ᠭᠤᠨ ᠤ ᠠᠷᠠᠳ ᠤᠨ ᠪᠠᠢ᠌ᠴᠠᠭᠠᠬᠤ ᠬᠤᠷᠢ᠍ᠶ᠎ᠠ᠂ ᠬᠤᠰᠢ᠍ᠭᠤᠨ ᠨᠠᠮ ᠤᠨ ᠬᠤᠷᠢ᠍ᠶᠠᠨ ᠤ ᠵᠤᠬᠢᠶᠠᠨ ᠪᠠᠢ᠌ᠭᠤᠯᠬᠤ ᠬᠡᠯᠳ᠋ᠡᠰ ᠵᠢᠴᠢ ᠬᠠᠮᠢ᠍ᠶ᠎ᠠ ᠪᠦᠬᠦᠢ ᠰᠠᠯᠠᠭ᠎ᠠ ᠮᠦ᠋ᠴᠢ᠍ᠷ ᠤᠨ ᠬᠠᠷᠢ᠍ᠭᠤᠴᠠᠯᠭᠠᠳ᠋ᠠᠳ ᠬᠤᠷᠠᠯ ᠳ᠋ᠥ ᠰᠤᠯᠠ ᠣᠷᠣᠯᠴᠠᠵᠠᠭᠠᠪᠠ᠃
                   

          ᠲᠤᠰ ᠤᠳ᠋ᠠᠭᠠᠨ ᠤ ᠬᠤᠷᠠᠯ ᠳ᠋ᠥ ᠤᠷᠤᠯᠴᠠᠬᠤ ᠶᠤᠰᠤᠳ᠋ᠠᠢ ᠪᠠᠢ᠌ᠩᠭ᠋ᠤ ᠶᠢᠨ ᠬᠤᠷᠢ᠍ᠶᠠᠨ ᠤ ᠬᠡᠰᠢ᠍ᠬᠦᠨ31 ᠬᠦᠮᠦᠨ᠂ ᠪᠤᠳ᠋ᠠᠳ᠋ᠠᠢ ᠤᠷᠤᠯᠴᠠᠬᠰᠠᠨ ᠬᠦᠮᠦᠨ ᠤ ᠲᠤᠭ᠎ᠠ 24 ᠪᠠᠢ᠌ᠵᠦ᠂ ᠬᠠᠤᠯᠢ ᠳ᠋ᠥ ᠲᠤᠬᠳ᠋ᠠᠬᠰᠠᠨ ᠬᠦᠮᠦᠨ ᠤ ᠲᠤᠭᠠᠨ ᠳ᠋ᠥ ᠨᠡᠢ᠌ᠴᠡᠪᠡ᠃

             

             

             
                    ᠬᠤᠷᠠᠯ ᠲᠡᠭᠡᠷ᠎ᠠ ᠠᠵᠢ᠍ᠯᠳ᠋ᠠᠨ ᠤ ᠶᠠᠪᠤᠳ᠋ᠠᠯ ᠤᠨ ᠲᠤᠰᠢ᠍ᠶᠠᠯ ᠳᠤ ᠲᠤᠮᠢ᠍ᠯᠠᠵᠦ ᠪᠠᠭᠤᠯᠭᠠᠬᠤ ᠶᠠᠪᠤᠳ᠋ᠠᠯ ᠢ ᠶᠠᠪᠤᠬᠳ᠋ᠠᠭᠤᠯᠪᠠ᠃ ᠸᠠᠩ ᠶᠠᠨ ᠵᠢᠶ‍ᠦ᠋ᠨ ᠡᠴᠡ ᠬᠤᠰᠢ᠍ᠭᠤᠨ ᠤ ᠠᠷᠠᠳ ᠤᠨ ᠵᠠᠰᠠᠭ ᠤᠨ ᠣᠷᠳ᠋ᠣᠨ ᠤ ᠺᠠᠳ᠋ᠷ ᠢ ᠲᠤᠰᠢ᠍ᠶᠠᠯ ᠳᠤ ᠲᠤᠮᠢ᠍ᠯᠠᠵᠦ ᠪᠠᠭᠤᠯᠭᠠᠬᠤ ᠲᠤᠬᠠᠢ ᠰᠠᠨᠠᠯ ᠵᠦ᠋ᠪᠯᠡᠯᠬᠡ ᠬᠢᠵᠦ᠂ ᠬᠤᠰᠢ᠍ᠭᠤᠨ ᠨᠠᠮ ᠤᠨ ᠬᠤᠷᠢ᠍ᠶᠠᠨ ᠤ ᠵᠤᠬᠢᠶᠠᠨ ᠪᠠᠢ᠌ᠭᠤᠯᠬᠤ ᠬᠡᠯᠳ᠋ᠡᠰ ᠤᠨ ᠬᠠᠮᠢ᠍ᠶ᠎ᠠ ᠪᠦᠬᠦᠢ ᠬᠠᠷᠢ᠍ᠭᠤᠴᠠᠯᠭᠠᠳ᠋ᠠᠨ ᠡᠴᠡ ᠲᠤᠰᠢ᠍ᠶᠠᠯ ᠳᠤ ᠲᠤᠮᠢ᠍ᠯᠠᠬᠤ ᠪᠠᠷ ᠵᠢᠱᠢ᠍ᠭ᠍ᠳ᠋ᠡᠭ᠍ᠰᠡᠨ ᠺᠠᠳ᠋ᠷᠴᠣᠳ ᠤᠨ ᠲᠤᠪᠴᠢ ᠨᠠᠮᠳ᠋ᠠᠷ ᠢ ᠲᠠᠨᠢ᠍ᠯᠴᠠᠭᠤᠯᠪᠠ᠃ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠬᠠᠮᠢ᠍ᠶ᠎ᠠ ᠪᠦᠬᠦᠢ ᠬᠠᠷᠢ᠍ᠭᠤᠴᠠᠯᠭᠠᠳ᠋ᠠᠨ ᠡᠴᠡ ᠲᠤᠰᠢ᠍ᠶᠠᠯ ᠳᠤ ᠲᠤᠮᠢ᠍ᠯᠠᠵᠦ ᠪᠠᠭᠤᠯᠭᠠᠬᠤ ᠺᠠᠳ᠋ᠷ ᠤᠨ ᠲᠡᠪᠰᠢ᠍ᠬᠦᠯᠦᠯᠳ᠋ᠡ ᠪᠠ ᠲᠣᠰᠢ᠍ᠶᠠᠯ ᠳ᠋ᠥ ᠲᠤᠮᠢ᠍ᠯᠠᠬᠤ ᠪᠠᠷ ᠵᠢᠱᠢ᠍ᠭ᠍ᠳ᠋ᠡᠭ᠍ᠰᠡᠨ ᠺᠠᠳ᠋ᠷᠴᠣᠳ ᠤᠨ ᠲᠤᠪᠴᠢ ᠨᠠᠮᠳ᠋ᠠᠷ ᠢ ᠲᠠᠨᠢ᠍ᠯᠴᠠᠭᠤᠯᠪᠠ᠃
                   

           ᠭᠠᠷ ᠡᠷᠬᠦᠨ ᠪᠠᠳ᠋ᠣᠯᠠᠬᠤ ᠪᠠᠷ ᠲᠠᠮᠵᠢ᠍ᠨ᠂ ᠯᠢ ᠢᠦᠢ ᠵᠢᠶ‍ᠸ᠂ ᠴᠢ ᠳᠠᠯᠠᠢ᠂ ᠴᠡᠩᠭᠡᠯᠳ᠋ᠦ᠂ ᠵᠢᠶᠠᠩ ᠶᠦ᠋ᠩ ᠾᠸᠩ᠂ ᠪᠠᠶᠠᠨᠪᠤᠯᠠᠭ᠂ ᠴᠸᠨ ᠢ ᠬᠤᠸᠠ᠂ ᠪᠤᠤ ᠵᠢᠶᠠᠩ ᠱᠠᠨ᠂ ᠽᠦ᠋ᠩ ᠯᠢ ᠯᠢ᠂ ᠮᠠᠨᠳ᠋ᠣᠯ᠎ᠠ᠂ ᠫᠠᠩ ᠲᠢ᠍ᠶᠠᠨ ᠬᠤᠩ᠂ ᠪᠤᠤ ᠵᠢᠨ ᠵᠤᠸᠠᠩ᠂ ᠶᠠᠩ ᠴᠣᠯᠮᠣᠨ᠂ ᠪᠠᠢ ᠰᠢ᠍ᠶᠤᠤ ᠬᠤ᠂ ᠴᠡᠩᠭᠡᠯ ᠵᠡᠷᠭᠡ ᠰᠢ᠍ᠬᠦᠬᠦ ᠬᠤᠷᠢ᠍ᠶᠠᠨ ᠤ ᠬᠠᠮᠢ᠍ᠶ᠎ᠠ ᠪᠦᠬᠦᠢ ᠰᠠᠯᠠᠭ᠎ᠠ ᠮᠦ᠋ᠴᠢ᠍ᠷ ᠦᠨ ᠺᠠᠲᠷ ᠠᠵᠢ᠍ᠯᠳ᠋ᠡᠨ ᠤ ᠲᠤᠰᠢ᠍ᠶᠠᠯ ᠡᠴᠡ ᠪᠠᠨ ᠪᠠᠭᠤᠬᠤ ᠶᠢ ᠵᠦ᠋ᠪᠰᠢ᠍ᠶᠡᠷᠡᠪᠡ᠃

            

            

                       

            ᠬᠤᠷᠠᠯ ᠲᠡᠭᠡᠷ᠎ᠠ ᠲᠤᠰᠢ᠍ᠶᠠᠯ ᠳᠤ ᠲᠤᠮᠢ᠍ᠯᠠᠬᠤ ᠪᠠᠷ ᠵᠢᠱᠢ᠍ᠭ᠍ᠳ᠋ᠡᠭ᠍ᠰᠡᠨ ᠺᠠᠳ᠋ᠷᠴᠣᠳ ᠡᠴᠡ ᠲᠤᠰ ᠲᠤᠰ ᠠᠵᠢ᠍ᠯ ᠤᠨ ᠪᠠᠢ᠌ᠷᠢ ᠳ᠋ᠥ ᠭᠠᠷᠬᠤ ᠶᠠᠷᠢ᠍ᠶ᠎ᠠ ᠲᠠᠯᠪᠢᠪᠠ᠃
                              

             ᠬᠤᠷᠠᠯ ᠡᠴᠡ ᠪᠢᠯᠸᠲ ᠦᠭ᠍ᠴᠦ ᠰᠣᠩᠭ᠋ᠤᠬᠤ ᠪᠠᠷ ᠲᠠᠮᠵᠢ᠍ᠨ ᠯᠢ ᠶᠦ᠋ᠩ ᠬᠠᠢ᠂ ᠬᠠᠨ ᠵᠠᠨ ᠹᠸᠩ ᠢ ᠬᠤᠰᠢ᠍ᠭᠤᠨ ᠤ ᠠᠷᠠᠳ ᠤᠨ ᠵᠠᠰᠠᠭ ᠤᠨ ᠣᠷᠳ᠋ᠣᠨ ᠤ ᠬᠤᠰᠢ᠍ᠭᠤᠨ ᠲᠡᠳ᠋ ᠲᠠᠷᠤᠭ᠎ᠠ᠂ ᠪᠠᠢ ᠵᠢᠩ ᠵᠦ᠋ᠩ ᠢ ᠬᠤᠰᠢ᠍ᠭᠤᠨ ᠤ ᠪᠠᠢ᠌ᠭᠠᠯᠢ ᠶᠢᠨ ᠡᠬᠢ ᠪᠠᠶᠠᠯᠢ᠍ᠭ ᠤᠨ ᠲᠤᠪᠴᠢ᠍ᠶ᠎ᠠ ᠶᠢᠨ ᠲᠠᠷᠤᠭ᠎ᠠ᠂ ᠪᠠᠶᠠᠨᠪᠤᠯᠠᠭ ᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠵᠠᠰᠠᠭ ᠵᠠᠬᠢᠷᠭᠠᠨ ᠤ ᠬᠡᠷᠡᠭ᠌ ᠦᠨ ᠰᠢ᠍ᠬᠦᠬᠦ ᠲᠢ᠍ᠩᠭᠢᠮ (ᠶᠡᠷᠦᠩᠬᠡᠢ᠌ᠯᠡᠭ᠍ᠰᠡᠨ ᠰᠢ᠍ᠬᠦᠬᠦ ᠲᠢ᠍ᠩᠭᠢᠮ) ᠤᠨ ᠲᠠᠷᠤᠭ᠎ᠠ᠂ ᠶᠠᠩ ᠢᠦᠢ ᠪᠤᠤ ᠶᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠡᠷᠡᠬᠦᠦ ᠶᠢᠨ ᠬᠡᠷᠡᠭ᠌ ᠤᠨ ᠰᠢ᠍ᠬᠦᠬᠦ ᠲᠢ᠍ᠩᠭᠢᠮ ᠤᠨ ᠲᠠᠷᠤᠭ᠎ᠠ᠂ ᠴᠸᠨ ᠢ ᠬᠤᠸᠠ ᠶᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠳᠠᠩᠰᠠᠯᠠᠬᠤ ᠲᠢ᠍ᠩᠭᠢᠮ (ᠵᠠᠷᠭᠤ ᠶᠢᠨ ᠦᠢ᠍ᠯᠡᠴᠢ᠍ᠯᠡᠬᠡᠨ ᠤ ᠲᠦ᠋ᠪ) ᠤᠨ ᠲᠠᠷᠤᠭ᠎ᠠ᠂ ᠯᠢ ᠵᠢᠶᠠᠨ ᠡᠦ ᠶᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠰᠢ᠍ᠬᠦᠨ ᠲᠠᠰᠣᠯᠬᠣ ᠺᠤᠮᠢ᠍ᠰ ᠤᠨ ᠬᠡᠰᠢ᠍ᠬᠦᠨ᠂ ᠴᠢ ᠳᠠᠯᠠᠢ ᠶᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠢᠷᠭᠡᠨ ᠦ ᠬᠡᠷᠡᠭ᠌ ᠦᠨ ᠰᠢ᠍ᠬᠦᠬᠦ ᠲᠢ᠍ᠩᠬᠢᠮ ᠦᠨ ᠳᠡᠳ᠋ ᠲᠢ᠍ᠩᠬᠢᠮ ᠦᠨ ᠳᠠᠷᠤᠭ᠎ᠠ᠂ ᠴᠸᠨ ᠮᠸᠢ ᠯᠢ ᠶᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠢᠷᠬᠡᠨ ᠤ ᠬᠡᠷᠡᠭ᠌ ᠦᠨ ᠰᠢ᠍ᠬᠦᠬᠦ ᠲᠢ᠍ᠩᠬᠢᠮ ᠦᠨ ᠲᠡᠳ᠋ ᠲᠢ᠍ᠩᠬᠢᠮ ᠦᠨ ᠲᠠᠷᠤᠭ᠎ᠠ᠂ ᠴᠸᠨ ᠭᠤᠸᠠᠩ ᠹᠸᠢ ᠶᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠡᠷᠡᠬᠦᠦ ᠶᠢᠨ ᠬᠡᠷᠡᠭ᠌ ᠤᠨ ᠰᠢ᠍ᠬᠦᠬᠦ ᠲᠢ᠍ᠩᠭᠢᠮ ᠤᠨ ᠲᠡᠳ᠋ ᠲᠢ᠍ᠩᠬᠢᠮ ᠦᠨ ᠲᠠᠷᠤᠭ᠎ᠠ᠂ ᠪᠠᠢ ᠰᠢ᠍ᠨ ᠵᠢᠶ‍ᠸ ᠶᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠵᠠᠰᠠᠭ ᠵᠠᠬᠢᠷᠭᠠᠨ ᠦ ᠬᠡᠷᠡᠭ᠌ ᠦᠨ ᠰᠢ᠍ᠬᠦᠬᠦ ᠲᠢ᠍ᠩᠭᠢᠮ (ᠶᠡᠷᠦᠩᠬᠡᠢ᠌ᠯᠡᠭ᠍ᠰᠡᠨ ᠰᠢ᠍ᠬᠦᠬᠦ ᠲᠢ᠍ᠩᠭᠢᠮ) ᠤᠨ ᠲᠡᠳ᠋ ᠲᠢ᠍ᠩᠬᠢᠮ ᠦᠨ ᠲᠠᠷᠤᠭ᠎ᠠ᠂ ᠪᠠᠢ ᠰᠢ᠍ᠶᠤᠤ ᠬᠤ ᠶᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠳᠠᠩᠰᠠᠯᠠᠬᠤ ᠲᠢ᠍ᠩᠬᠢᠮ (ᠵᠠᠷᠭᠤ ᠶᠢᠨ ᠦᠢ᠍ᠯᠡᠴᠢ᠍ᠯᠡᠭᠡᠨ ᠦ ᠲᠦ᠋ᠪ) ᠦᠨ ᠲᠡᠳ᠋ ᠲᠢ᠍ᠩᠭᠢᠮ ᠤᠨ ᠳᠠᠷᠤᠭ᠎ᠠ᠂ ᠮᠦ᠋ᠴᠢ᠍ᠷ ᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠲᠠᠩᠰᠠᠯᠠᠬᠤ ᠲᠢ᠍ᠩᠭᠢᠮ (ᠵᠠᠷᠭᠤ ᠶᠢᠨ ᠦᠢ᠍ᠯᠡᠴᠢ᠍ᠯᠡᠬᠡᠨ ᠤ ᠲᠦ᠋ᠪ) ᠤᠨ ᠲᠡᠳ᠋ ᠲᠢ᠍ᠩᠭᠢᠮ ᠤᠨ ᠲᠠᠷᠤᠭ᠎ᠠ᠂ ᠪᠤᠤ ᠬᠠᠢ ᠱᠠᠨ ᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠬᠦᠢ᠍ᠴᠡᠳᠬᠡᠬᠦ ᠲᠤᠪᠴᠢ᠍ᠶ᠎ᠠ ᠶᠢᠨ ᠲᠡᠳ᠋ ᠲᠤᠪᠴᠢ᠍ᠶᠠᠨ ᠲᠠᠷᠤᠭ᠎ᠠ᠂ ᠴᠡᠩᠭᠡᠯ ᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶᠠᠨ ᠤ ᠬᠦᠢ᠍ᠴᠡᠳᠬᠡᠬᠦ ᠲᠤᠪᠴᠢ᠍ᠶ᠎ᠠ ᠶᠢᠨ ᠲᠡᠳ᠋ ᠲᠤᠪᠴᠢ᠍ᠶᠠᠨ ᠲᠠᠷᠤᠭ᠎ᠠ ᠪᠠᠷ ᠲᠤᠮᠢ᠍ᠯᠠᠬᠤ ᠪᠠᠷ ᠲᠤᠬᠳ᠋ᠠᠪᠠ᠃

             
                ᠪᠠᠶᠠᠨᠰᠠᠩ ᠡᠴᠡ ᠰᠢ᠍ᠨ᠎ᠠ ᠪᠠᠷ ᠲᠤᠰᠢ᠍ᠶᠠᠯ ᠳᠤ ᠲᠤᠮᠢ᠍ᠯᠠᠭᠰᠠᠳ ᠲᠣ ᠲᠤᠮᠢ᠍ᠯᠠᠯᠳ᠋ᠡ ᠶᠢᠨ ᠪᠢᠴᠢ᠍ᠭ᠌ ᠭᠠᠷᠳ᠋ᠠᠭᠤᠯᠵᠦ᠂ ᠰᠢ᠍ᠨ᠎ᠠ ᠪᠡᠷ ᠲᠤᠰᠢ᠍ᠶᠠᠯ ᠬᠠᠷᠢ᠍ᠭᠤᠴᠠᠭᠰᠠᠳ ᠡᠴᠡ ᠦᠨᠳ᠋ᠦᠰᠦᠨ ᠬᠠᠤᠯᠢ ᠳ᠋ᠥ ᠲᠠᠩᠭ᠋ᠠᠷᠢ᠍ᠬᠯᠠᠪᠠ᠃

             
                   ᠪᠠᠶᠠᠨᠰᠠᠩ ᠡᠴᠡ ᠰᠢ᠍ᠨ᠎ᠠ ᠪᠠᠷ ᠲᠤᠮᠢ᠍ᠯᠠᠬᠳ᠋ᠠᠬᠰᠠᠨ ᠬᠡᠰᠢ᠍ᠬᠦᠳ ᠢ ᠠᠷᠠᠳ ᠲᠦ᠋ᠮᠡᠨ ᠤ ᠲᠦ᠋ᠯᠦᠬᠡ ᠬᠡᠬᠦ ᠵᠤᠷᠢ᠍ᠯᠳ᠋ᠠ ᠪᠠᠨ ᠪᠠᠳ᠋ᠣ ᠴᠡᠬᠡᠵᠢ᠍ᠯᠡᠵᠦ᠂ ᠠᠷᠠᠳ ᠲᠦ᠋ᠮᠡᠨ ᠦ ᠬᠦᠰᠡᠯ ᠨᠠᠢ᠌ᠳ᠋ᠠᠯᠭ᠎ᠠ ᠶᠢ ᠬᠦᠰᠡᠷᠳ᠋ᠡᠬᠦᠯᠬᠦ ᠦᠬᠡᠢ᠂ ᠤᠬᠠᠮᠰᠠᠷ ᠡᠴᠡ ᠪᠠᠨ ᠠᠷᠠᠳ ᠤᠯᠠᠨ ᠤ ᠬᠢᠨᠠᠯᠳ᠋ᠠ ᠶᠢ ᠬᠦᠯᠢ᠍ᠶᠡᠵᠦ᠂ ᠰᠢ᠍ᠨ᠎ᠠ ᠠᠵᠢ᠍ᠯ ᠤᠨ ᠪᠠᠢ᠌ᠷᠢ᠍ᠨ ᠳᠠᠭᠠᠨ ᠰᠢ᠍ᠨ᠎ᠠ ᠠᠵᠢ᠍ᠯ ᠤᠨ ᠦᠷ᠎ᠠ ᠪᠦᠳ᠋ᠦᠮᠵᠢ ᠭᠠᠷᠭᠠᠬᠤ ᠶᠢ ᠱᠠᠭᠠᠷᠳ᠋ᠠᠬᠰᠠᠨ ᠪᠠᠢ᠌ᠨ᠎ᠠ᠃ ᠪᠠᠶᠠᠨᠰᠠᠩ ᠡᠴᠡ ᠴᠢ᠍ᠩᠭ᠋ᠠᠳᠬᠠᠭᠰᠠᠨ ᠨᠢ ᠡᠷᠬᠡᠪᠰᠢ ᠤᠯᠤᠰ ᠲᠦ᠋ᠷᠦ ᠶᠢᠨ ᠦᠨᠳ᠋ᠦᠷᠴᠡ ᠪᠠᠨ ᠲᠡᠭᠡᠭ᠍ᠰᠢ᠍ᠯᠡᠬᠦᠯᠵᠦ᠂ ᠲᠦ᠋ᠷᠪᠡᠨ ᠤᠬᠠᠮᠰᠠᠷ ᠶᠢᠡᠨ ᠪᠠᠳ᠋ᠣ ᠪᠡᠬᠢ ᠪᠤᠢ ᠪᠤᠯᠭᠠᠵᠦ᠂ ᠰᠢ ᠵᠢᠨ ᠫᠢᠩ ᠶᠡᠷᠦᠩᠭᠡᠢ ᠱᠦ᠋ᠵᠢ ᠶᠢᠨ ᠨᠠᠮ ᠤᠨ ᠲᠦ᠋ᠪ ᠬᠤᠷᠢ᠍ᠶ᠎ᠠ ᠪᠠᠷ ᠭᠤᠤᠯ ᠪᠤᠯᠭᠠᠬᠤ ᠪᠠ ᠪᠦᠬᠦ ᠨᠠᠮ ᠤᠨ ᠭᠤᠤᠯ ᠪᠠᠢ᠌ᠷᠢ ᠰᠠᠭᠤᠷᠢ ᠶᠢ ᠪᠠᠳ᠋ᠣ ᠴᠢ᠍ᠩᠭ᠎ᠠ ᠬᠠᠮᠠᠭᠠᠯᠬᠤ ᠬᠡᠷᠡᠭ᠍ᠳ᠋ᠡᠢ᠃ ᠬᠡᠵᠢ᠍ᠶᠡᠳ᠋ᠡ ᠰᠡᠳᠬᠢᠯ ᠳ᠋ᠥ ᠪᠠᠨ ᠠᠷᠠᠳ ᠢ ᠪᠤᠳ᠋ᠤᠯᠬᠢᠯᠠᠵᠤ᠂ ᠠᠷᠠᠳ ᠤᠨ ᠲᠦ᠋ᠯᠦᠭᠡ ᠠᠷᠭ᠎ᠠ ᠪᠤᠳ᠋ᠤᠯᠭ᠎ᠠ ᠰᠦ᠋ᠪᠡᠭ᠍ᠴᠢ᠍ᠯᠡᠨ᠂ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠵᠢᠴᠢ ᠪᠠᠢ᠌ᠩᠭ᠋ᠤ ᠶᠢᠨ ᠬᠤᠷᠢ᠍ᠶ᠎ᠠ ᠶᠢᠨ ᠭᠠᠷᠭᠠᠬᠰᠠᠨ ᠰᠢ᠌ᠳᠪᠦᠷᠢ᠂ ᠲᠤᠬᠳ᠋ᠠᠭᠠᠯ ᠪᠤᠯᠤᠨ ᠬᠢᠨᠠᠨ ᠵᠦ᠋ᠪᠯᠡᠭ᠍ᠰᠡᠨ ᠰᠠᠨᠠᠯ ᠢ ᠨᠠᠷᠢ᠍ᠨ ᠬᠢᠨᠠᠮᠠᠭᠠᠢ ᠲᠤᠭᠤᠰᠢ᠍ᠯᠠᠭᠤᠯᠤᠨ᠂ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠤᠨ ᠲᠤᠷᠠᠳ᠋ᠣᠨ ᠭᠠᠷᠭᠠᠬᠰᠠᠨ ᠲᠦ᠋ᠰᠦᠯ᠂ ᠰᠠᠨᠠᠯ ᠰᠢ᠍ᠬᠦᠮᠵᠢ ᠶᠢ ᠰᠠᠢ᠌ᠳ᠋ᠣᠷ ᠰᠢ᠌ᠳᠪᠦᠷᠢ᠍ᠯᠡᠵᠦ᠂ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠵᠢᠴᠢ ᠪᠠᠢ᠌ᠩᠭ᠋ᠤ ᠶᠢᠨ ᠬᠤᠷᠢ᠍ᠶ᠎ᠠ ᠶᠢᠨ ᠵᠤᠬᠢᠶᠠᠨ ᠪᠠᠢ᠌ᠭᠤᠯᠤᠬᠰᠠᠨ ᠬᠠᠤᠯᠢ ᠬᠡᠷᠡᠭ᠍ᠵᠢ᠍ᠬᠦᠯᠬᠦ ᠪᠠᠢ᠌ᠴᠠᠭᠠᠯᠳ᠋ᠠ ᠪᠤᠯᠤᠨ ᠪᠠᠢ᠌ᠴᠠᠭᠠᠨ ᠰᠣᠳ᠋ᠣᠯᠣᠯᠳ᠋ᠠ ᠬᠢᠬᠦ ᠵᠡᠷᠬᠡ ᠠᠵᠢ᠍ᠯᠯᠠᠭ᠎ᠠ ᠶᠢ ᠢᠳ᠋ᠡᠪᠬᠢᠳ᠋ᠡᠢ ᠬᠠᠮᠵᠢ᠍ᠯᠴᠠᠨ᠂ ᠬᠤᠰᠢ᠍ᠭᠤᠨ ᠤ ᠠᠷᠠᠳ ᠤᠨ ᠲᠦ᠋ᠯᠦᠬᠡᠯᠡᠭ᠍ᠴᠢ᠍ᠳ ᠤᠨ ᠶᠡᠬᠡ ᠬᠤᠷᠠᠯ ᠵᠢᠴᠢ ᠪᠠᠢ᠌ᠩᠭ᠋ᠤ ᠶᠢᠨ ᠬᠤᠷᠢ᠍ᠶ᠎ᠠ ᠳᠤ ᠴᠢ᠍ᠬᠤᠯᠠ ᠶᠡᠬᠡ ᠤᠴᠢ᠍ᠷ ᠶᠠᠪᠤᠳ᠋ᠠᠯ ᠢ ᠴᠠᠭ ᠲᠤᠬᠠᠢ ᠳ᠋ᠣᠨᠢ ᠮᠡᠳ᠋ᠡᠬᠦᠯᠵᠦ᠂ ᠤᠬᠠᠮᠰᠠᠷ ᠡᠴᠡ ᠪᠠᠨ ᠲᠤᠰ ᠰᠠᠯᠠᠭ᠎ᠠ ᠮᠦ᠋ᠴᠢ᠍ᠷ ᠪᠤᠯᠤᠨ ᠦᠪᠡᠷ ᠤᠨ ᠠᠵᠢ᠍ᠯ ᠶᠢᠡᠨ ᠠᠷᠠᠳ ᠤᠯᠠᠨ ᠪᠤᠯᠤᠨ ᠨᠡᠢ᠌ᠬᠡᠮ ᠤᠨ ᠡᠯ᠎ᠠ ᠡᠳ᠋ᠡᠭᠡᠳ ᠤᠨ ᠬᠢᠨ ᠤ ᠬᠢᠨᠠᠯᠳ᠋ᠠ ᠲᠤᠤᠷ᠎ᠠ ᠲᠠᠯᠪᠢᠵᠦ᠂ ᠠᠷᠠᠳ ᠤᠨ ᠲᠦ᠋ᠯᠦᠬᠡ ᠦᠢ᠍ᠯᠡᠴᠢ᠍ᠯᠡᠬᠦ ᠪᠠᠷ ᠲᠤᠬᠠᠢ᠌ᠯᠠᠬᠰᠠᠨ ᠠᠵᠢ᠍ᠯ ᠶᠢᠡᠨ ᠰᠠᠢ᠌ᠳ᠋ᠣᠷ ᠬᠢᠵᠦ᠂ ᠠᠮᠠᠯᠠᠯᠳ᠋ᠠ ᠪᠠᠨ ᠦᠢ᠍ᠯᠡᠳ᠋ᠦᠯᠬᠡᠵᠢ᠍ᠬᠦᠯᠬᠦ ᠬᠡᠷᠡᠭ᠍ᠳ᠋ᠡᠢ ᠬᠡᠵᠡᠢ᠃
                ᠪᠠᠶᠠᠨᠰᠠᠩ ᠴᠢ᠍ᠩᠭ᠋ᠠᠳᠬᠠᠭᠰᠠᠨ ᠨᠢ᠂ ᠰᠢ᠍ᠨ᠎ᠠ ᠪᠡᠷ ᠲᠤᠰᠢ᠍ᠶᠠᠯ ᠡᠭᠦᠷᠭᠡᠯᠡᠭ᠍ᠰᠡᠨ ᠺᠠᠳ᠋ᠷ ᠬᠤᠪᠢ ᠪᠡᠶ᠎ᠠ ᠪᠠᠨ ᠴᠢ᠍ᠩᠭ᠎ᠠ ᠱᠠᠭᠠᠷᠳ᠋ᠠᠵᠤ᠂ ᠢᠮᠠᠭᠳ᠋ᠠ ᠠᠷᠢ᠍ᠭᠤᠨ ᠴᠢ᠍ᠭᠡᠴᠢ ᠲᠦ᠋ᠪ ᠴᠢ᠍ᠩᠭ᠎ᠠ᠂ ᠪᠤᠳ᠋ᠠᠳ᠋ᠠᠢ ᠠᠵᠢ᠍ᠯ ᠬᠢᠬᠦ ᠶᠢ ᠪᠠᠷᠢ᠍ᠮᠳ᠋ᠠᠯᠠᠬᠤ ᠬᠡᠷᠡᠭ᠍ᠳ᠋ᠡᠢ᠃ ᠵᠦ᠋ᠪ ᠤᠨᠤᠪᠴᠢ᠍ᠳ᠋ᠠᠢ ᠶᠢ᠍ᠷᠳ᠋ᠢ᠍ᠨᠴᠤ ᠶᠢᠨ ᠦᠵᠡᠯᠳ᠋ᠡ᠂ ᠠᠮᠢ᠍ᠳ᠋ᠤᠷᠠᠬᠤᠢ ᠶᠢᠨ ᠦᠵᠡᠯᠳ᠋ᠡ ᠪᠠ ᠦᠷᠳ᠋ᠡᠭ᠌ ᠤᠨ ᠦᠵᠡᠯᠳ᠋ᠡ ᠶᠢ ᠪᠤᠢ ᠪᠤᠯᠭᠠᠬᠤ ᠬᠡᠷᠡᠭ᠍ᠳ᠋ᠡᠢ᠃ ᠬᠤᠪᠢ ᠪᠡᠶ᠎ᠠ ᠶᠢᠨ ᠦᠭᠡ ᠶᠠᠷᠢ᠍ᠶ᠎ᠠ ᠬᠦᠳ᠋ᠡᠯᠦᠯ ᠪᠠᠷᠢ᠍ᠯ ᠶᠢᠡᠨ ᠢᠮᠠᠭᠳ᠋ᠠ ᠠᠩᠬᠠᠷᠴᠤ᠂ ᠡᠪ ᠬᠠᠮᠳ᠋ᠤ ᠨᠠᠮ ᠤᠨ ᠭᠡᠰᠢ᠍ᠭᠦᠨ ᠤ ᠲᠡᠷᠢ᠍ᠭᠦᠨ ᠤ ᠳᠠᠪᠰᠢ᠍ᠩᠭ᠋ᠤᠢ ᠴᠢ᠍ᠨᠠᠷ ᠶᠢᠡᠨ ᠦᠷᠭᠦᠯᠵᠢ ᠪᠠᠷᠢ᠍ᠮᠳ᠋ᠠᠯᠠᠵᠤ᠂ ᠠᠵᠢ᠍ᠯᠴᠢ ᠬᠢᠴᠢ᠍ᠶᠡᠩᠭᠦᠢ ᠪᠡᠷ ᠪᠤᠳ᠋ᠠᠳ᠋ᠤ ᠠᠵᠢ᠍ᠯ ᠬᠢᠵᠦ᠂ ᠠᠷᠠᠳ ᠲᠦ᠋ᠮᠡᠨ ᠤ ᠰᠡᠳᠬᠢᠯ ᠬᠠᠨᠤᠮᠵᠢ᠍ᠳ᠋ᠠᠢ ᠦᠢ᠍ᠯᠡᠴᠢ᠍ᠯᠡᠭ᠍ᠴᠢ ᠪᠤᠯᠬᠤ ᠬᠡᠷᠡᠭ᠍ᠳ᠋ᠡᠢ ᠭᠡᠵᠡᠢ᠃
                    

            

            

            

          ᠬᠤᠷᠠᠯ ᠳᠡᠭᠡᠷ᠎ᠠ᠂ ᠬᠤᠰᠢ᠍ᠭᠤᠨ ᠤ ᠠᠷᠠᠳ ᠤᠨ ᠵᠠᠰᠠᠭ ᠤᠨ ᠤᠷᠳ᠋ᠤᠨ ᠤ 《2017 ᠤᠨ ᠤ ᠬᠢᠨᠠᠨ ᠪᠤᠳ᠋ᠤᠯᠳ᠋ᠠ ᠶᠢᠨ ᠪᠠᠢ᠌ᠴᠠᠭᠠᠨ ᠭᠠᠷᠭᠠᠭᠰᠠᠨ ᠠᠰᠠᠭᠤᠳ᠋ᠠᠯ ᠤᠨ ᠴᠡᠭ᠍ᠴᠡᠯᠡᠨ ᠰᠠᠢ᠌ᠵᠢ᠍ᠷᠠᠭᠤᠯᠤᠯᠳ᠋ᠠ ᠶᠢᠨ ᠪᠠᠢ᠌ᠳ᠋ᠠᠯ ᠲᠤᠬᠠᠢ ᠮᠡᠳ᠋ᠡᠭᠦᠯᠦᠯᠳ᠋ᠡ》 ᠶᠢ ᠰᠤᠨᠤᠰᠤᠨ ᠬᠢᠨᠠᠨ ᠵᠦ᠋ᠪᠯᠡᠪᠡ᠃ ᠬᠤᠰᠢ᠍ᠭᠤᠨ ᠤ ᠠᠷᠠᠳ ᠤᠨ ᠵᠠᠰᠠᠭ ᠤᠨ ᠤᠷᠳ᠋ᠤᠨ ᠤ 《ᠶᠠᠳ᠋ᠠᠭᠤ ᠡᠴᠡ ᠠᠩᠭᠢᠵᠢ᠍ᠷᠠᠭᠤᠯᠤᠨ ᠪᠡᠬᠢᠯᠡᠯᠳ᠋ᠡ ᠰᠢ᠍ᠪᠳ᠋ᠤᠯᠬᠤ ᠳᠠᠢ᠌ᠯᠠᠯᠳ᠋ᠤᠭᠠᠨ ᠳᠤᠮᠳ᠋ᠠᠬᠢ ᠶᠠᠳ᠋ᠠᠭᠤ ᠬᠦᠴᠢ᠍ᠷᠳ᠋ᠡᠯᠳ᠋ᠡᠢ ᠡᠷᠦᠬᠡ ᠶᠢᠨ ᠠᠵᠤ ᠦᠢ᠍ᠯᠡᠰ ᠤᠨ ᠬᠦᠭ᠍ᠵᠢ᠍ᠯᠳ᠋ᠡ ᠶᠢᠨ ᠪᠠᠢ᠌ᠳ᠋ᠠᠯ ᠲᠤᠬᠠᠢ ᠮᠡᠳ᠋ᠡᠭᠦᠯᠦᠯᠳ᠋ᠡ》 ᠶᠢ ᠰᠤᠨᠤᠰᠤᠨ ᠬᠢᠨᠠᠨ ᠵᠦ᠋ᠪᠯᠡᠪᠡ᠃ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ 《〈ᠪᠤᠳ᠋ᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳ᠋ᠠ ᠶᠢᠨ ᠳᠦ᠋ᠷᠢ᠍ᠮ〉 ᠢ ᠲᠤᠭᠤᠰᠢ᠍ᠯᠠᠭᠤᠯᠤᠨ ᠨᠠᠢ᠌ᠳ᠋ᠠᠪᠤᠷᠢ᠍ᠵᠢ᠍ᠭᠤᠯᠤᠭᠰᠠᠨ ᠪᠠᠢ᠌ᠳ᠋ᠠᠯ ᠳᠤ ᠬᠠᠤᠯᠢ ᠬᠡᠷᠡᠭ᠍ᠵᠢ᠍ᠭᠦᠯᠦᠯᠳ᠋ᠡ ᠶᠢᠨ ᠬᠢᠨᠠᠨ ᠪᠠᠢ᠌ᠴᠠᠭᠠᠯᠳ᠋ᠠ ᠶᠢᠨ ᠬᠢᠭ᠍ᠰᠡᠨ ᠲᠤᠬᠠᠢ ᠮᠡᠳ᠋ᠡᠭᠦᠯᠦᠯᠳ᠋ᠡ》 ᠶᠢ ᠰᠤᠨᠤᠰᠤᠨ ᠬᠢᠨᠠᠨ ᠵᠦ᠋ᠪᠯᠡᠪᠡ᠃ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ 《〈ᠪᠦᠭᠦᠳ᠋ᠡ ᠨᠠᠢ᠌ᠷᠠᠮᠳ᠋ᠠᠬᠤ ᠳᠤᠮᠳ᠋ᠠᠳ᠋ᠤ ᠠᠷᠠᠳ ᠤᠯᠤᠰ ᠤᠨ ᠤᠰᠤᠨ ᠤ ᠪᠤᠬᠢᠷᠳ᠋ᠤᠯ ᠢ ᠰᠡᠷᠭᠡᠢ᠌ᠯᠡᠨ ᠵᠠᠰᠠᠬᠤ ᠬᠠᠤᠯᠢ〉 ᠶᠢᠨ ᠲᠤᠭᠤᠰᠢ᠍ᠯᠠᠭᠤᠯᠤᠨ ᠨᠠᠢ᠌ᠳ᠋ᠠᠪᠤᠷᠢ᠍ᠵᠢ᠍ᠭᠤᠯᠤᠭᠰᠠᠨ ᠪᠠᠢ᠌ᠳ᠋ᠠᠯ ᠳᠤ ᠬᠠᠤᠯᠢ ᠬᠡᠷᠡᠭ᠍ᠵᠢ᠍ᠭᠦᠯᠦᠯᠳ᠋ᠡ ᠶᠢᠨ ᠬᠢᠨᠠᠨ ᠪᠠᠢ᠌ᠴᠠᠭᠠᠯᠳ᠋ᠠ ᠬᠢᠭ᠍ᠰᠡᠨ ᠲᠤᠬᠠᠢ ᠮᠡᠳ᠋ᠡᠭᠦᠯᠦᠯᠳ᠋ᠡ》 ᠶᠢ ᠰᠤᠨᠤᠰᠤᠨ ᠬᠢᠨᠠᠨ ᠵᠦ᠋ᠪᠯᠡᠪᠡ᠃ (ᠳᠠᠯᠠᠢ)

ᠡᠮᠦᠨᠡᠬᠢ᠄ ᠬᠤᠰᠢ᠍ᠭᠤᠨ ᠤ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶ᠎ᠠ ᠡᠴᠡ ᠳᠣᠮᠢ᠍ᠯᠠᠬᠤ ᠪᠠᠷ ᠵᠢᠱᠢ᠍ᠭ᠍ᠳ᠋ᠡᠭ᠍ᠰᠡᠨ ᠺᠠᠲᠷᠴᠣᠳ ᠲᠣ ᠳᠣᠰᠢ᠍ᠶᠠᠯ ᠡᠭᠦᠷᠭᠡᠯᠡᠬᠦ ᠡᠴᠡ ᠡᠮᠦᠨᠡᠬᠢ ᠬᠠᠣᠯᠢ ᠴᠠᠭᠠᠵᠠ ᠶᠢᠨ ᠮᠡᠳ᠋ᠡᠯᠭᠡ ᠶᠢᠨ ᠰᠤᠷᠢ᠍ᠯᠳ᠋ᠡ ᠬᠢᠭ᠍ᠰᠠᠨ
ᠳᠠᠷᠠᠭᠠᠬᠢ᠄ ᠬᠤᠰᠢᠭᠤᠨ ᠤ ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎᠎ᠠ ᠶᠢᠨ ᠠᠷᠪᠠᠨ ᠲᠦᠷᠪᠡᠳᠤᠭᠡᠷ ᠤᠳᠠᠭᠠᠨ ᠤ ᠬᠤᠷᠠᠯᠳᠤᠭᠠᠨ ᠬᠤᠷᠠᠯᠳᠤᠭᠰᠨᠨ ᠨᠢ