ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ᠁
ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ ᠡᠦ ᠴᠢ᠍ᠩ ᠬᠠᠢ ᠪᠠᠶᠠᠷᠲᠤᠬᠤᠰᠢ᠍ᠭᠤ ᠪᠠᠯᠭᠠᠰᠤᠨ ᠳ᠋ᠦ ᠬᠦᠷᠴᠦ ᠠᠵᠢ᠍ᠯ ᠪᠠᠢ᠌ᠴᠠᠭᠠᠨ ᠵᠢᠯᠤᠭᠤᠳ᠋ᠤᠭᠰᠠᠨ

                      

                    ᠤᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ ᠡᠦ ᠴᠢ᠍ᠩ ᠬᠠᠢ ᠪᠠᠶᠠᠷᠲᠤᠬᠤᠰᠢ᠍ᠭᠤ ᠪᠠᠯᠭᠠᠰᠤᠨ ᠳ᠋ᠦ ᠬᠦᠷᠴᠦ᠂ ᠪᠠᠯᠭᠠᠰᠤᠨ ᠤ ᠨᠠᠮ ᠤᠨ ᠬᠤᠷᠢ᠍ᠶᠠᠨ ᠤ ᠤᠳ᠋ᠤᠷᠢ᠍ᠳᠬᠤ ᠪᠠᠭ ᠤᠨ ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠪᠤᠯᠤᠨ ᠪᠠᠶᠠᠷᠲᠤᠬᠤᠰᠢ᠍ᠭᠤ ᠰᠤᠷᠭᠠᠭᠤᠯᠢ ᠶᠢᠨ ᠨᠠᠮ ᠤᠨ ᠡᠭᠦᠷ ᠦᠨ ᠵᠤᠬᠢᠶᠠᠨ ᠪᠠᠢ᠌ᠭᠤᠯᠤᠯᠲᠠ ᠶᠢᠨ ᠠᠮᠢ᠍ᠳ᠋ᠤᠷᠠᠯ ᠤᠨ ᠬᠤᠷᠠᠯ ᠤᠨ ᠪᠡᠯᠡᠳᠭᠡᠯ ᠠᠵᠢ᠍ᠯ ᠢ ᠪᠠᠢ᠌ᠴᠠᠭᠠᠨ ᠵᠢᠯᠤᠭᠤᠳᠪᠠ᠃

                     

                     

                  ᠰᠠᠭᠤᠳ᠋ᠠᠯ ᠤᠨ ᠬᠤᠷᠠᠯ ᠳᠡᠭᠡᠷ᠎ᠠ᠂ ᠡᠦ ᠴᠢ᠍ᠩ ᠬᠠᠢ ᠱᠦ᠋ᠵᠢ ᠡᠴᠨ ᠪᠠᠯᠭᠠᠰᠤᠨ ᠤ ᠨᠠᠮ ᠤᠨ ᠬᠤᠷᠢ᠍ᠶ᠎ᠠ ᠪᠠ ᠰᠤᠷᠭᠠᠭᠤᠯᠢ ᠶᠢᠨ ᠭᠤᠤᠯ ᠬᠠᠷᠢ᠍ᠭᠤᠴᠠᠯᠭᠠᠳ᠋ᠠᠨ ᠨᠦ᠋ᠬᠦᠷ ᠪᠤᠯᠤᠨ ᠤᠳ᠋ᠤᠷᠢ᠍ᠳᠬᠤ ᠪᠠᠭ ᠤᠨ ᠬᠡᠰᠢ᠍ᠭᠦᠳ ᠲᠡᠶ ᠭᠦᠨᠵᠡᠭᠡᠢ ᠶᠠᠷᠢ᠍ᠯᠴᠠᠨ ᠰᠤᠯᠢ᠍ᠯᠴᠠᠵᠤ᠂ ᠲᠤᠰᠬᠠᠢ ᠰᠡᠳ᠋ᠦᠪᠲᠦ ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠪᠠ ᠵᠤᠬᠢᠶᠠᠨ ᠪᠠᠢ᠌ᠭᠤᠯᠤᠯᠲᠠ ᠶᠢᠨ ᠠᠮᠢ᠍ᠳ᠋ᠤᠷᠠᠯ ᠤᠨ ᠬᠤᠷᠠᠯ ᠤᠨ ᠪᠡᠯᠡᠳᠭᠡᠯ ᠠᠵᠢ᠍ᠯ ᠤᠨ ᠪᠠᠢ᠌ᠳ᠋ᠠᠯ ᠤᠨ ᠬᠠᠷᠢ᠍ᠭᠤ ᠮᠡᠳ᠋ᠡᠭᠦᠯᠦᠯᠲᠠ ᠶᠢ ᠰᠤᠨᠤᠰᠤᠨ᠂ ᠬᠠᠷᠢ᠍ᠴᠠᠭᠤᠯᠤᠨ ᠪᠠᠢ᠌ᠴᠠᠭᠠᠬᠤ ᠮᠠᠲ᠋ᠸᠷᠢ᠍ᠶᠠᠯ ᠢ ᠨᠠᠷᠢ᠍ᠯᠢ᠍ᠭ ᠬᠢᠨᠠᠵᠤ᠂ ᠤᠷᠤᠰᠢ᠍ᠵᠤ ᠪᠠᠢ᠌ᠭ᠎ᠠ ᠠᠰᠠᠭᠤᠳ᠋ᠠᠯ ᠪᠠ ᠲᠤᠳ᠋ᠠᠭᠳ᠋ᠠᠯ ᠢ ᠨᠢ᠍ᠭᠡᠳ ᠨᠢ᠍ᠭᠡᠪᠡᠷ ᠵᠢᠭᠠᠵᠤ ᠭᠠᠷᠭᠠᠨ᠂ ᠪᠦᠷᠢ᠍ᠳ᠋ᠦᠭᠦᠯᠵᠦ ᠲᠡᠭᠦᠯᠳ᠋ᠡᠷᠵᠢ᠍ᠬᠦᠯᠬᠦ ᠠᠷᠭ᠎ᠠ ᠠᠪᠴᠠᠯ ᠲᠤᠳ᠋ᠤᠷᠬᠠᠢ ᠲᠤᠷᠠᠳᠬᠤ ᠶᠢᠨ ᠬᠠᠮᠢ᠍ᠶ᠎ᠠ ᠪᠦᠬᠦᠢ ᠭᠤᠭᠴᠤᠭ᠎ᠠ ᠳ᠋ᠦ ᠪᠤᠳ᠋ᠠᠳ᠋ᠠᠢ ᠵᠢᠭᠠᠨ ᠵᠢᠯᠤᠭᠤᠳ᠋ᠤᠯᠭ᠎ᠠ ᠬᠢᠪᠡ᠃ (ᠳᠠᠯᠠᠢ)

ᠡᠮᠦᠨᠡᠬᠢ᠄ ᠬᠣᠰᠢ᠍ᠭᠤᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠪᠠᠢᠩᠭᠤ ᠶᠢᠨ ᠬᠣᠷᠢ᠍ᠶᠠᠨ ᠤ ᠨᠠᠮ ᠤᠨ ᠤᠳ᠋ᠤᠷᠢ᠍ᠳᠬᠤ ᠳᠤᠭᠤᠢᠯᠠᠩ ᠲᠤᠰᠬᠠᠶ ᠰᠡᠳ᠋ᠦᠪᠲᠦ ᠠᠷᠠᠳᠴᠢ᠍ᠯᠠᠯ ᠤᠨ ᠠᠮᠢ᠍ᠳ᠋ᠤᠷᠠᠯ ᠤᠨ ᠬᠤᠷᠠᠯ ᠡᠴᠡ ᠡᠮᠦᠨᠡᠬᠢ ᠰᠤᠷᠤᠯᠴᠠᠯᠭ᠎ᠠ ᠵᠢᠴᠢ ᠶᠠᠷᠢ᠍ᠯᠴᠠᠨ ᠰᠣᠯᠢ᠍ᠯᠴᠠᠬᠤ ᠬᠤᠷᠠᠯ ᠬᠢᠪᠡ
ᠳᠠᠷᠠᠭᠠᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ ᠡᠦ ᠴᠢ᠍ᠩ ᠬᠠᠢ ᠪᠠᠶᠠᠷᠲᠤᠬᠤᠰᠢ᠍ᠭᠤ ᠰᠤᠷᠭᠠᠭᠤᠯᠢ ᠶᠢᠨ ᠨᠠᠮ ᠤᠨ ᠡᠭᠦᠷ ᠦᠨ ᠦᠨᠳ᠋ᠦᠰᠦᠲᠡᠨ ᠦ ᠠᠵᠢ᠍ᠯ ᠢ ᠴᠢ᠍ᠩᠭ᠋ᠠᠳᠬᠠᠬᠤ ᠪᠠ ᠰᠠᠢ᠌ᠵᠢ᠍ᠷᠠᠭᠤᠯᠬᠤ ᠲᠤᠰᠬᠠᠢ ᠰᠡᠳ᠋ᠦᠪᠲᠦ ᠵᠤᠬᠢᠶᠠᠨ ᠪᠠᠢ᠌ᠭᠤᠯᠤᠯᠲᠠ ᠶᠢᠨ ᠠᠮᠢ᠍ᠳ᠋ᠤᠷᠠᠯ ᠤᠨ ᠬᠤᠷᠠᠯ ᠳ᠋ᠦ ᠤᠷᠤᠯᠴᠠᠨ ᠵᠢᠭᠠᠨ ᠵᠢᠯᠤᠭᠤᠳᠪᠠ