ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ᠁
ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ ᠡᠦ ᠴᠢ᠍ᠩ ᠬᠠᠢ ᠪᠠᠶᠠᠷᠲᠤᠬᠤᠰᠢ᠍ᠭᠤ ᠰᠤᠷᠭᠠᠭᠤᠯᠢ ᠶᠢᠨ ᠨᠠᠮ ᠤᠨ ᠡᠭᠦᠷ ᠦᠨ ᠦᠨᠳ᠋ᠦᠰᠦᠲᠡᠨ ᠦ ᠠᠵᠢ᠍ᠯ ᠢ ᠴᠢ᠍ᠩᠭ᠋ᠠᠳᠬᠠᠬᠤ ᠪᠠ ᠰᠠᠢ᠌ᠵᠢ᠍ᠷᠠᠭᠤᠯᠬᠤ ᠲᠤᠰᠬᠠᠢ ᠰᠡᠳ᠋ᠦᠪᠲᠦ ᠵᠤᠬᠢᠶᠠᠨ ᠪᠠᠢ᠌ᠭᠤᠯᠤᠯᠲᠠ ᠶᠢᠨ ᠠᠮᠢ᠍ᠳ᠋ᠤᠷᠠᠯ ᠤᠨ ᠬᠤᠷᠠᠯ ᠳ᠋ᠦ ᠤᠷᠤᠯᠴᠠᠨ ᠵᠢᠭᠠᠨ ᠵᠢᠯᠤᠭᠤᠳᠪᠠ

                       

                  ᠬᠤᠰᠢ᠍ᠭᠤᠨ ᠤ ᠨᠠᠮ ᠤᠨ ᠬᠤᠷᠢ᠍ᠶᠠᠨ ᠤ ᠨᠢ᠍ᠭᠡᠳ᠋ᠦᠯᠲᠡᠢ ᠪᠠᠢ᠌ᠷᠢ᠍ᠯᠠᠭᠤᠯᠤᠯᠲᠠ ᠶᠤᠰᠤᠭᠠᠷ᠂ ᠤᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ ᠡᠦ ᠴᠢ᠍ᠩ ᠬᠠᠢ ᠪᠠᠶᠠᠷᠲᠤᠬᠤᠰᠢ᠍ᠭᠤ ᠰᠤᠷᠭᠠᠭᠤᠯᠢ ᠶᠢᠨ ᠨᠠᠮ ᠤᠨ ᠡᠭᠦᠷ ᠦᠨ ᠦᠨᠳ᠋ᠦᠰᠦᠲᠡᠨ ᠦ ᠠᠵᠢ᠍ᠯ ᠢ ᠴᠢ᠍ᠩᠭ᠋ᠠᠳᠬᠠᠬᠤ ᠪᠠ ᠰᠠᠢ᠌ᠵᠢ᠍ᠷᠠᠭᠤᠯᠬᠤ ᠲᠤᠰᠬᠠᠢ ᠰᠡᠳ᠋ᠦᠪᠲᠦ ᠵᠤᠬᠢᠶᠠᠨ ᠪᠠᠢ᠌ᠭᠤᠯᠤᠯᠲᠠ ᠶᠢᠨ ᠠᠮᠢ᠍ᠳ᠋ᠤᠷᠠᠯ ᠤᠨ ᠬᠤᠷᠠᠯ ᠳ᠋ᠦ ᠤᠷᠤᠯᠴᠠᠨ ᠵᠢᠭᠠᠨ ᠵᠢᠯᠤᠭᠤᠳᠪᠠ᠃

                      

                     ᠬᠤᠷᠠᠯ ᠳᠡᠭᠡᠷ᠎ᠠ᠂ ᠰᠤᠷᠭᠠᠭᠤᠯᠢ ᠶᠢᠨ ᠬᠠᠷᠢ᠍ᠭᠤᠴᠠᠯᠭᠠᠳ᠋ᠠᠨ ᠡᠴᠨ ᠤᠳ᠋ᠤᠷᠢ᠍ᠳᠬᠤ ᠪᠠᠭ ᠢ ᠲᠦ᠋ᠯᠦᠭᠡᠯᠡᠨ ᠬᠠᠷᠢ᠍ᠴᠠᠭᠤᠯᠤᠨ ᠪᠠᠢ᠌ᠴᠠᠭᠠᠯᠲᠠ ᠬᠢᠵᠦ᠂ ᠨᠠᠮ ᠤᠨ ᠡᠭᠦᠷ ᠦᠨ ᠤᠳ᠋ᠤᠷᠢ᠍ᠳᠬᠤ ᠪᠠᠭ ᠤᠨ ᠬᠡᠰᠢ᠍ᠭᠦᠳ ᠡᠴᠨ ᠬᠤᠪᠢ ᠬᠦᠮᠦᠨ ᠦ ᠬᠠᠷᠢ᠍ᠴᠠᠭᠤᠯᠤᠨ ᠪᠠᠢ᠌ᠴᠠᠭᠠᠯᠲᠠ ᠬᠢᠬᠦ ᠶᠢᠨ ᠬᠠᠮᠳ᠋ᠤ ᠰᠢ᠍ᠭᠦᠮᠵᠢ᠍ᠯᠡᠯ ᠪᠠ ᠦᠪᠡᠷ ᠦᠨ ᠰᠢ᠍ᠭᠦᠮᠵᠢ᠍ᠯᠡᠯ ᠦᠷᠨᠢᠭᠦᠯᠪᠡ᠃

                       

                    ᠡᠦ ᠴᠢ᠍ᠩ ᠬᠠᠢ ᠱᠦ᠋ᠵᠢ ᠡᠴᠨ ᠪᠠᠶᠠᠷᠲᠤᠬᠤᠰᠢ᠍ᠭᠤ ᠰᠤᠷᠭᠠᠭᠤᠯᠢ ᠶᠢᠨ ᠤᠳ᠋ᠤᠷᠢ᠍ᠳᠬᠤ ᠪᠠᠭ ᠤᠨ ᠬᠡᠰᠢ᠍ᠭᠦᠳ ᠤᠨ ᠬᠠᠷᠢ᠍ᠴᠠᠭᠤᠯᠤᠨ ᠪᠠᠢ᠌ᠴᠠᠭᠠᠯᠲᠠ ᠪᠤᠯᠤᠨ ᠰᠢ᠍ᠬᠦᠮᠵᠢ᠍ᠯᠡᠯ ᠪᠠ ᠦᠪᠡᠷ ᠦᠨ ᠰᠢ᠍ᠭᠦᠮᠵᠢ᠍ᠯᠡᠯ ᠳ᠋ᠦ ᠤᠷᠤᠰᠢ᠍ᠵᠤ ᠪᠠᠢ᠌ᠭ᠎ᠠ ᠠᠰᠠᠭᠤᠳ᠋ᠠᠯ ᠪᠠ ᠲᠤᠳ᠋ᠠᠭᠳ᠋ᠠᠯ ᠢ ᠨᠢ᠍ᠭᠡᠳ ᠨᠢ᠍ᠭᠡᠪᠡᠷ ᠵᠢᠭᠠᠵᠤ ᠭᠠᠷᠭᠠᠬᠤ ᠶᠢᠨ ᠬᠠᠮᠳ᠋ᠤ ᠵᠤᠬᠢᠶᠠᠨ ᠪᠠᠢ᠌ᠭᠤᠯᠤᠯᠲᠠ ᠶᠢᠨ ᠠᠮᠢ᠍ᠳ᠋ᠤᠷᠠᠯ ᠤᠨ ᠬᠤᠷᠠᠯ ᠤᠨ ᠠᠩᠬ᠎ᠠ ᠠᠯᠬᠤᠮ ᠤᠯᠤᠭᠰᠠᠨ ᠬᠢᠷᠢ ᠪᠦᠲᠦᠮᠵᠢ ᠶᠢ ᠨᠤᠳ᠋ᠠᠯᠠᠪᠠ᠃

                        

                     ᠡᠦ ᠴᠢ᠍ᠩ ᠬᠠᠢ ᠱᠦ᠋ᠵᠢ ᠴᠢ᠍ᠩᠭ᠋ᠠᠳᠬᠠᠭᠰᠠᠨ ᠨᠢ᠂ ᠡᠷᠬᠡᠪᠰᠢ ᠤᠯᠤᠭᠰᠠᠨ ᠬᠢᠷᠢ ᠪᠦᠲᠦᠮᠵᠢ ᠪᠠᠨ ᠦᠷᠬᠦᠯᠵᠢ᠍ᠯᠡᠨ ᠪᠠᠳ᠋ᠤᠳᠬᠠᠨ ᠭᠦᠨᠵᠡᠭᠡᠢ᠌ᠷᠡᠭᠦᠯᠵᠦ᠂ ᠰᠢ ᠵᠢᠨ ᠫᠢᠩ ᠶᠡᠷᠦᠩᠬᠡᠢ ᠱᠦ᠋ᠵᠢ ᠶᠢᠨ ᠦᠨᠳ᠋ᠦᠰᠦᠲᠡᠨ ᠦ ᠠᠵᠢ᠍ᠯ ᠤᠨ ᠲᠤᠬᠠᠢ ᠴᠢ᠍ᠬᠤᠯᠨ ᠦᠬᠦᠯᠡᠯ ᠢ ᠰᠠᠢ᠌ᠳ᠋ᠤᠷ ᠰᠤᠷᠤᠯᠴᠠᠨ ᠨᠡᠪᠲᠡᠷᠡᠵᠦ ᠦᠢ᠍ᠯᠡᠳ᠋ᠦᠯᠭᠡᠵᠢ᠍ᠭᠦᠯᠬᠦ ᠶᠢ ᠴᠢ᠍ᠬᠤᠯᠨ ᠤᠯᠤᠰ ᠲᠦ᠋ᠷᠦ ᠶᠢᠨ ᠬᠠᠷᠢ᠍ᠭᠤᠴᠠᠯᠭ᠎ᠠ᠂ ᠤᠷᠳ᠋ᠤ ᠬᠤᠭᠤᠴᠠᠭᠠᠨ ᠤ ᠤᠯᠤᠰ ᠲᠦ᠋ᠷᠦ ᠶᠢᠨ ᠡᠭᠦᠷᠭᠡ ᠪᠤᠯᠭᠠᠬᠤ ᠬᠡᠷᠡᠭ᠍ᠲᠡᠢ᠃ ᠡᠷᠬᠡᠪᠰᠢ ᠵᠠᠰᠠᠨ ᠰᠠᠢ᠌ᠵᠢ᠍ᠷᠠᠭᠤᠯᠬᠤ ᠴᠢ᠍ᠬᠤᠯᠨ ᠴᠡᠭ᠌ ᠢ ᠲᠤᠳ᠋ᠤᠳᠬᠠᠨ᠂ ᠠᠷᠭ᠎ᠠ ᠠᠪᠴᠠᠯ ᠶᠢᠡᠨ ᠴᠢ᠍ᠩᠭ᠋ᠠᠳᠬᠠᠵᠤ᠂ ᠤᠳ᠋ᠤᠷᠢ᠍ᠳᠬᠤ ᠪᠠᠭ ᠪᠠ ᠬᠤᠪᠢ ᠬᠦᠮᠦᠨ ᠦ ᠵᠠᠰᠠᠨ ᠰᠠᠢ᠌ᠵᠢ᠍ᠷᠠᠭᠤᠯᠬᠤ ᠨᠠᠷᠢ᠍ᠨ ᠳᠠᠩᠰᠠ ᠶᠢ ᠪᠦᠷᠢ᠍ᠯᠳ᠋ᠦᠬᠦᠯᠦᠨ᠂ ᠲᠦ᠋ᠷᠢ᠍ᠮ ᠲᠤᠭᠳ᠋ᠠᠭᠠᠯ ᠢ ᠲᠡᠭᠦᠯᠳ᠋ᠡᠷᠵᠢ᠍ᠬᠦᠯᠵᠦ᠂ ᠤᠷᠳ᠋ᠤ ᠬᠤᠭᠤᠴᠠᠭᠠᠨ ᠤ ᠵᠤᠬᠢᠴᠠᠮᠵᠢ ᠶᠢ ᠡᠭᠦᠳᠬᠦ ᠬᠡᠷᠡᠭ᠍ᠲᠡᠢ ᠭᠡᠵᠡᠢ᠃ (ᠳᠠᠯᠠᠢ)

ᠡᠮᠦᠨᠡᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ ᠡᠦ ᠴᠢ᠍ᠩ ᠬᠠᠢ ᠪᠠᠶᠠᠷᠲᠤᠬᠤᠰᠢ᠍ᠭᠤ ᠪᠠᠯᠭᠠᠰᠤᠨ ᠳ᠋ᠦ ᠬᠦᠷᠴᠦ ᠠᠵᠢ᠍ᠯ ᠪᠠᠢ᠌ᠴᠠᠭᠠᠨ ᠵᠢᠯᠤᠭᠤᠳ᠋ᠤᠭᠰᠠᠨ
ᠳᠠᠷᠠᠭᠠᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠵᠠᠰᠠᠭ ᠤᠨ ᠤᠷᠳᠤᠨ ᠤ ᠰᠠᠯᠠᠭ᠎ᠠ ᠮᠦᠴᠢᠷ ᠤᠨ ᠠᠵᠢᠯ ᠳᠤ ᠦᠨᠡᠯᠡᠯᠳᠠ ᠬᠢᠪᠡ